作词 : Battogtoh Ch.
作曲 : Battogtoh Ch.
ᠬᠠᠢᠷᠠ ᠢ᠋ᠢᠨ ᠰᠠᠷᠠᠨᠠᠢ
ᠰᠡᠳᠭᠢᠯ ᠢ᠋ᠢᠨ ᠦᠭᠡ ᠪᠠᠨ ᠴᠢᠮᠠ ᠳ᠋ᠤ ᠪᠠᠨ ᠪᠢ ᠬᠡᠯᠡᠶᠦ ᠭᠡᠳ
ᠰᠠᠨᠠᠭᠠᠰᠢᠷᠠᠨ ᠪᠣᠳᠤᠭᠰᠠᠭᠠᠷ ᠵᠥᠩᠳᠡᠭᠡᠨ ᠤᠳᠠᠯᠠ ᠳ᠋ᠠ
ᠰᠠᠢᠬᠠᠨ ᠰᠠᠷᠠᠨᠠᠢ ᠮᠢᠨᠢ ᠰᠣᠶᠤᠭᠠᠯᠠᠵᠤ ᠭᠦᠢᠴᠡᠭᠡᠳ
ᠰᠠᠷᠠᠭᠤᠯ ᠲᠠᠯᠠ ᠪᠠᠨ ᠴᠢᠮᠡᠭᠯᠡᠨ ᠤᠷᠭᠤᠯᠠ
ᠬᠥ᠋᠂ ᠬᠠᠢᠷᠠ ᠢ᠋ᠢᠨ ᠮᠢᠨᠢ ᠭᠠᠭᠴᠠ ᠰᠠᠷᠠᠨᠠᠢ
ᠬᠥ᠋᠂ ᠵᠢᠷᠦᠬᠡᠨ ᠳ᠋ᠤ ᠮᠢᠨᠢ ᠳᠡᠯᠪᠡᠬᠡᠯᠡᠴᠢ ᠳ᠋ᠡ
ᠠᠩᠬᠠᠨ ᠤ᠋ ᠬᠠᠢᠷᠠ ᠢ᠋ᠢᠨ ᠤᠶᠠᠬᠠᠨ ᠳᠠᠭᠤᠤ ᠪᠠᠨ
ᠠᠶᠠᠯᠠᠵᠤ ᠬᠣᠶᠠᠭᠤᠯᠠ ᠪᠠᠨ ᠳᠠᠭᠤᠯᠠᠵᠤ ᠦᠵᠡᠶᠡ ᠳ᠋ᠡ
ᠠᠮᠤᠭᠤᠯᠠᠩ ᠴᠡᠩᠬᠡᠷ ᠡᠨᠡᠬᠡᠨ ᠣᠷᠴᠢᠯᠠᠩ ᠳ᠋ᠤ ᠪᠠᠨ
ᠠᠵᠠ ᠵᠢᠷᠭᠠᠯ ᠲᠠᠢ ᠠᠮᠢᠳᠤᠷᠠᠵᠤ ᠶᠠᠪᠤᠶᠠ ᠳ᠋ᠠ
ᠬᠥ᠋᠂ ᠬᠠᠢᠷᠠ ᠢ᠋ᠢᠨ ᠮᠢᠨᠢ ᠭᠠᠭᠴᠠ ᠰᠠᠷᠠᠨᠠᠢ
ᠬᠥ᠋᠂ ᠵᠢᠷᠦᠬᠡᠨ ᠳ᠋ᠤ ᠮᠢᠨᠢ ᠳᠡᠯᠪᠡᠬᠡᠯᠡᠴᠢ ᠳ᠋ᠡ
ᠳᠠᠩᠳᠠ ᠴᠢᠮᠠ ᠪᠠᠨ ᠮᠥᠷᠦᠭᠡᠳᠦᠨ ᠮᠥᠷᠦᠭᠡᠳᠦᠭᠰᠡᠭᠡᠷ
ᠳᠠᠯᠠᠢ ᠰᠢᠭ ᠰᠡᠳᠭᠢᠯ ᠳ᠋ᠤ ᠪᠠᠨ ᠡᠩᠭᠦᠷᠡᠢᠯᠡᠨ ᠡᠩᠬᠦᠷᠡᠢᠯᠡᠭᠰᠡᠭᠡᠷ
ᠬᠥᠮᠦᠨᠯᠢᠭ ᠣᠷᠴᠢᠯᠠᠩ ᠳ᠋ᠤ ᠲᠥᠷᠦᠭᠰᠡᠨ ᠤ᠋ ᠵᠠᠶᠠᠭᠠᠨ ᠳ᠋ᠤ
ᠬᠠᠢᠷᠠ ᠢ᠋ᠢᠨ ᠳᠡᠭᠡᠳᠦ ᠪᠡᠷ ᠬᠠᠢᠷᠠᠯᠠᠵᠤ ᠶᠠᠪᠤᠶᠠ ᠳ᠋ᠠ
ᠬᠥ᠋᠂ ᠬᠠᠢᠷᠠ ᠢ᠋ᠢᠨ ᠮᠢᠨᠢ ᠭᠠᠭᠴᠠ ᠰᠠᠷᠠᠨᠠᠢ
ᠬᠥ᠋᠂ ᠵᠢᠷᠦᠬᠡᠨ ᠳ᠋ᠤ ᠮᠢᠨᠢ ᠳᠡᠯᠪᠡᠬᠡᠯᠡᠴᠢ ᠳ᠋ᠡ
ᠬᠥ᠋᠂ ᠬᠠᠢᠷᠠ ᠢ᠋ᠢᠨ ᠮᠢᠨᠢ ᠭᠠᠭᠴᠠ ᠰᠠᠷᠠᠨᠠᠢ
ᠬᠥ᠋᠂ ᠵᠢᠷᠦᠬᠡᠨ ᠳ᠋ᠤ ᠮᠢᠨᠢ ᠳᠡᠯᠪᠡᠬᠡᠯᠡᠴᠢ ᠳ᠋ᠡ
ᠬᠥ᠋᠂ ᠵᠢᠷᠦᠬᠡᠨ ᠳ᠋ᠤ ᠮᠢᠨᠢ ᠳᠡᠯᠪᠡᠬᠡᠯᠡᠴᠢ ᠳ᠋ᠡ