作词 : Bat-Orgil T.
作曲 : Bat-Orgil T.
ᠠᠵᠠ ᠪᠣᠭᠳᠠ ᠶᠢᠨ ᠬᠠᠷᠠᠭᠤᠯ ᠨᠢ ᠠ᠋ ᠬᠥ᠋
ᠠᠮᠤᠭᠤᠯᠠᠩ ᠪᠣᠯᠤᠭᠠᠳ ᠲᠠᠢᠪᠤᠩ ᠳ᠋ᠠ
ᠠᠯᠪᠠᠨ ᠳᠤ ᠮᠣᠷᠳᠠᠭᠰᠠᠨ ᠬᠦᠦ ᠲᠠᠨᠢ ᠠᠪᠤ ᠮᠢᠨᠢ ᠳ᠋ᠧ ᠬᠥ᠋
ᠠᠮᠤᠷ ᠪᠣᠯᠤᠭᠠᠳ ᠡᠰᠡᠨ ᠮᠡᠨᠳᠦ ᠳ᠋ᠧ
ᠠᠯᠪᠠᠨ ᠳᠤ ᠮᠣᠷᠳᠠᠭᠰᠠᠨ ᠬᠦᠦ ᠲᠠᠨᠢ ᠠᠪᠤ ᠮᠢᠨᠢ ᠳ᠋ᠧ ᠬᠥ᠋
ᠠᠮᠤᠷ ᠪᠣᠯᠤᠭᠠᠳ ᠡᠰᠡᠨ ᠮᠡᠨᠳᠦ ᠳ᠋ᠧ
ᠪᠠᠷᠠᠭᠤᠨ ᠴᠢᠬᠢ ᠮᠢᠨᠢ ᠬᠠᠩᠭᠢᠨᠠᠭᠠᠳ ᠪᠠᠢᠬᠤ ᠴᠢᠨᠢ ᠬᠥ᠋
ᠪᠠᠭᠠ ᠶᠢᠨ ᠨᠠᠢᠵᠠ ᠮᠢᠨᠢ ᠳᠤᠷᠠᠰᠤᠭᠠ ᠶᠤᠮ ᠪᠣᠯᠪᠠ ᠦᠦ
ᠪᠡᠢᠰᠡ ᠨᠣᠶᠠᠨ ᠤ ᠪᠣᠱᠣᠭᠣ ᠨᠢ ᠥᠬᠡᠢ ᠴᠤ ᠪᠣᠯᠤᠭᠠᠰᠠᠢ
ᠪᠤᠷᠭᠠᠰᠤ ᠭᠣᠣᠯ ᠳᠠᠭᠠᠨ ᠲᠠᠬᠢᠨ ᠣᠴᠢᠬᠤ ᠶᠤᠮ ᠰᠠᠨ
ᠪᠡᠢᠰᠡ ᠨᠣᠶᠠᠨ ᠤ ᠪᠣᠱᠣᠭᠣ ᠨᠢ ᠥᠬᠡᠢ ᠴᠤ ᠪᠣᠯᠤᠭᠠᠰᠠᠢ
ᠪᠤᠷᠭᠠᠰᠤ ᠭᠣᠣᠯ ᠳᠠᠭᠠᠨ ᠲᠠᠬᠢᠨ ᠣᠴᠢᠬᠤ ᠶᠤᠮ ᠰᠠᠨ
᠂
ᠵᠡᠭᠦᠨ ᠴᠢᠬᠢ ᠮᠢᠨᠢ ᠬᠠᠩᠭᠢᠨᠠᠭᠠᠳ ᠪᠠᠢᠬᠤ ᠴᠢᠨᠢ ᠬᠥ᠋
ᠵᠢᠷᠦᠬᠡᠨ ᠤ ᠠᠮᠠᠷᠠᠭ ᠰᠠᠨᠠᠭᠠ ᠶᠤᠮ ᠪᠣᠯᠪᠠ ᠦᠦ
ᠵᠠᠰᠠᠭ ᠨᠣᠶᠠᠨ ᠤ ᠲᠦᠩᠭᠡ ᠨᠢ ᠥᠬᠡᠢ ᠴᠤ ᠪᠣᠯᠤᠭᠠᠰᠠᠢ
ᠵᠠᠭᠤᠷᠠ ᠴᠤ ᠪᠣᠯᠲᠤᠭᠠᠢ ᠬᠦᠦ ᠪᠠᠨ ᠬᠠᠷᠠᠬᠤ ᠶᠤᠮ ᠰᠠᠨ
ᠵᠠᠰᠠᠭ ᠨᠣᠶᠠᠨ ᠤ ᠲᠦᠩᠭᠡ ᠨᠢ ᠥᠬᠡᠢ ᠴᠤ ᠪᠣᠯᠤᠭᠠᠰᠠᠢ
ᠵᠠᠭᠤᠷᠠ ᠴᠤ ᠪᠣᠯᠲᠤᠭᠠᠢ ᠬᠦᠦ ᠪᠠᠨ ᠬᠠᠷᠠᠬᠤ ᠶᠤᠮ ᠰᠠᠨ
ᠪᠥᠭᠡᠮ ᠪᠥᠭᠡᠮ ᠡᠭᠦᠯᠡ ᠨᠢ ᠠ᠋ ᠬᠥ᠋
ᠪᠣᠷᠣᠭᠠᠨ ᠣᠷᠣᠬᠤ ᠶᠢᠨ ᠰᠢᠨᠵᠢ ᠨᠢ ᠶᠤᠮ ᠦᠦ ᠳ᠋ᠠ
ᠪᠠᠢᠨ ᠪᠠᠢᠨ ᠳᠡᠭᠡᠳᠦ ᠵᠣᠪᠬᠢ ᠮᠢᠨᠢ ᠲᠠᠲᠠᠯᠠᠭᠠᠳ ᠪᠠᠢᠬᠤ ᠴᠢᠨᠢ ᠬᠥ᠋
ᠪᠤᠴᠠᠵᠤ ᠬᠠᠷᠢᠬᠤ ᠶᠢᠨ ᠰᠢᠨᠵᠢ ᠨᠢ ᠶᠤᠮ ᠦᠦ ᠳ᠋ᠠ
ᠪᠠᠢᠨ ᠪᠠᠢᠨ ᠳᠡᠭᠡᠳᠦ ᠵᠣᠪᠬᠢ ᠮᠢᠨᠢ ᠲᠠᠲᠠᠯᠠᠭᠠᠳ ᠪᠠᠢᠬᠤ ᠴᠢᠨᠢ ᠬᠥ᠋
ᠪᠤᠴᠠᠵᠤ ᠬᠠᠷᠢᠬᠤ ᠶᠢᠨ ᠰᠢᠨᠵᠢ ᠨᠢ ᠶᠤᠮ ᠦᠦ ᠳ᠋ᠠ
ᠪᠤᠴᠠᠵᠤ ᠬᠠᠷᠢᠬᠤ ᠶᠢᠨ ᠰᠢᠨᠵᠢ ᠨᠢ ᠶᠤᠮ ᠦᠦ ᠳ᠋ᠠ