作词 : Hailgan
作曲 : Hailgan
编曲 : Hailgan/B·T·G·Q
B·T·G·Q:
ᠭᠠᠳᠠᠭᠠ ᠰᠠᠯᠬᠢᠯᠠᠵᠤ ᠪᠠᠢᠨᠠ
ᠬᠠᠢᠷᠠᠲᠤ ᠮᠢᠨᠢ ᠨᠠᠳᠠ ᠶᠢ ᠪᠤᠤ ᠲᠠᠭᠠᠷᠠᠭᠣᠯ
ᠬᠠᠶᠠᠯᠠᠬᠤ ᠴᠠᠰᠤᠨ ᠪᠠᠷ ᠪᠢ ᠴᠢᠨᠢ
ᠬᠠᠢᠷᠠ ᠶᠢᠨ ᠦᠭᠡ ᠪᠡᠨᠡ ᠰᠢᠪᠡᠨᠡᠶᠠ ᠬᠠᠢᠷᠠᠳᠤ ᠮᠢᠨᠢ
Hailgan᠌᠄
ᠭᠤᠨᠢᠭ ᠲᠠᠢ ᠪᠡᠨ ᠨᠢᠳᠤ ᠪᠠᠷ ᠴᠢ ᠨᠠᠳᠠ ᠶᠢ ᠤᠭᠳᠤᠭᠰᠠᠨ ᠲᠡᠷᠡ ᠦᠳᠡᠰᠢ ᠶᠢ
ᠦᠵᠡᠨ ᠶᠠᠳᠠᠨ ᠴᠢᠮᠠᠶᠢ ᠨᠠᠳᠠ ᠠᠴᠠ ᠰᠠᠯᠤᠨᠠ ᠭᠡᠰᠡᠨ ᠢ ᠠᠩᠵᠠᠷᠠᠭᠠ ᠦᠭᠡᠢ
ᠬᠠᠢᠷᠠᠯᠠᠵᠤ ᠪᠠᠢᠭᠰᠠᠨ ᠵᠢᠷᠦᠬᠡ ᠰᠠᠯᠤᠨᠠ ᠭᠡᠰᠡᠨ ᠢ ᠮᠠᠳᠡᠷᠠᠭᠡ ᠦᠭᠡᠢ
ᠭᠡᠴᠢᠨᠡᠨ ᠤᠳᠠᠭᠠ ᠴᠤᠬᠢᠯᠠᠵᠤ ᠪᠠᠢᠭᠰᠠᠨ ᠴᠤ ᠰᠠᠯᠤᠨᠠ ᠭᠡᠰᠡᠨ ᠢᠶᠡᠨ ᠰᠠᠨᠠᠠᠭᠠ ᠦᠭᠡᠢ
ᠴᠤᠭ ᠳᠠᠭᠠᠨ ᠪᠠᠢᠭᠰᠠᠨ ᠢᠶᠠᠨ ᠰᠠᠨᠠᠵᠤ ᠪᠠᠢᠨᠠ
ᠵᠢᠷᠭᠠᠯᠳᠠᠢ ᠪᠠᠢᠭᠰᠠᠨ ᠢᠶᠠᠨ ᠬᠠᠢᠵᠤ ᠪᠠᠢᠨᠠ
ᠡᠷᠬᠢᠵᠤ ᠢᠷᠡᠬᠦ ᠦᠭᠡᠢ ᠴᠠᠭ ᠬᠤᠭᠤᠴᠠᠭᠠ ᠶᠢ ᠲᠤᠷᠠᠰᠤᠭᠠᠳ ᠪᠢ ᠴᠢᠨᠢ ᠶᠠᠭᠠᠬᠢᠬᠤ ᠪᠤᠢ
ᠡᠪᠤᠯ ᠬᠠᠪᠦᠷ ᠵᠤᠨ ᠨᠠᠮᠤᠷ ᠡᠷᠬᠢᠨ ᠡᠷᠬᠢᠭᠰᠡᠭᠡᠷ
ᠮᠤᠳᠤᠨ ᠤ ᠨᠠᠪᠴᠢ ᠤᠨᠠᠨ ᠰᠡᠬᠦᠵᠤ ᠲᠡᠬᠢᠨ ᠡᠷᠬᠢᠭᠰᠡᠭᠡᠷ
B·T·G·Q:
ᠮᠤᠳᠤᠨ ᠤ ᠨᠠᠪᠴᠢᠰ ᠭᠠᠩᠳᠠᠬᠤ ᠴᠠᠭ ᠴᠢ ᠨᠠᠳᠠ ᠶᠢ ᠰᠠᠨᠠᠭᠠ ᠤᠤ
ᠬᠡᠨ ᠨᠢᠭᠡᠨ ᠳ᠋ᠤ᠋ ᠰᠢᠪᠡᠨᠠᠬᠦ ᠦᠭᠡᠰ ᠢᠶᠡᠨ ᠴᠤᠩᠬᠤᠨ ᠳ᠋ᠠᠭᠠᠨ ᠬᠠᠳᠠᠭᠠᠯᠠᠭᠠᠳ
ᠲᠡᠷᠡ ᠮᠢᠨᠢ ᠨᠤᠢᠳᠠᠨ ᠰᠡᠷᠠᠭ᠍ᠰᠡᠨ ᠲᠠᠷᠡ ᠦᠷᠯᠦᠭᠡ ᠪᠢ ᠴᠢᠮᠠᠶᠢ ᠵᠡᠭᠦᠳᠦᠯᠦᠭᠡᠳ
ᠲᠠᠬᠢᠵᠤ ᠢᠷᠠᠬᠦ ᠦᠭᠡᠢ ᠭᠡᠬᠦ ᠪᠡᠷ ᠪᠢ ᠦᠪᠡᠷ ᠢ ᠵᠢᠮᠡᠯᠡᠭᠰᠡᠨ
ᠡᠭᠦᠳᠡ ᠰᠠᠪᠠᠵᠤ ᠭᠠᠷᠤᠭᠰᠠᠨ ᠴᠢ ᠨᠠᠳᠠ ᠠᠴᠠ ᠴᠢ ᠶᠠᠭᠤ ᠬᠦᠰᠡᠭᠡ ᠪᠤᠢ
ᠵᠡᠭᠦᠳᠤᠨ ᠳᠡᠬᠡᠨ ᠬᠠᠮᠳᠤ ᠪᠠᠢᠭᠰᠠᠨ ᠴᠠᠭ ᠦᠯᠢᠭᠡᠷ ᠪᠤᠯᠤᠨ ᠬᠤᠴᠤᠷᠠᠭᠰᠠᠨ
ᠦᠨᠡᠨ ᠢᠶᠡᠷ ᠶᠠᠪᠤᠭᠰᠠᠨ ᠴᠢ ᠨᠠᠳᠠ ᠳᠤ ᠪᠢᠳᠡᠭᠡᠢ ᠭᠤᠮᠳᠠᠭᠠᠷᠠᠢ
ᠠᠮᠢᠳᠤᠷᠠᠯ ᠭᠡᠴᠡᠭᠦᠦ ᠪᠠᠢᠭᠰᠠᠨ ᠪᠤᠯᠬᠤᠷ ᠪᠢ ᠴᠢᠨᠢ ᠴᠢᠮᠠ ᠠᠴᠠ ᠬᠤᠯᠠᠳᠠᠭᠰᠠᠨ
Hailgan᠌᠄
ᠨᠠᠳ ᠳᠤ ᠭᠤᠮᠳᠠᠵᠤ ᠨᠠᠳᠠ ᠢ ᠵᠢᠮᠡᠯᠡᠵᠤ ᠨᠠᠳᠠ ᠶᠢ ᠦᠨᠡᠭᠡᠷ ᠠᠭᠤᠷᠯᠠᠭᠤᠯᠵᠤ ᠪᠠᠢᠭᠰᠠᠨ
ᠴᠢᠮᠠ ᠳᠤ ᠢᠳᠡᠭᠡᠵᠤ ᠴᠢᠮᠠᠳᠠᠭᠠᠨ ᠵᠤᠷᠢᠭᠤᠯᠵᠤ ᠴᠢᠮᠠᠳᠠᠭᠠᠨ ᠦᠨᠡᠨ ᠢᠶᠡᠨ ᠬᠠᠷᠠᠭᠤᠯᠵᠤ ᠪᠠᠢᠭᠰᠠᠨ
ᠭᠠᠭᠴᠠ ᠯᠡ ᠨᠠᠳᠠ ᠳᠤ ᠪᠤᠷᠤᠭᠤ ᠲᠠᠢ ᠰᠢᠭ ᠠᠯᠢᠪᠡ ᠪᠦᠬᠦᠨ ᠢ ᠦᠭᠡᠢᠰᠬᠡᠵᠤ ᠪᠠᠢᠭᠰᠠᠨ
ᠬᠠᠳᠠᠭᠤ ᠬᠡᠯᠡᠭᠰᠡᠨ ᠦᠭᠡᠨ ᠳᠤ ᠦᠪᠡᠷ ᠢ ᠵᠢᠮᠡᠯᠡᠵᠤ ᠪᠠᠢᠭᠰᠠᠨ
ᠬᠦᠰᠡᠵᠤ ᠪᠠᠢᠨᠠ ᠪᠢ ᠢᠳᠡᠭᠡᠬᠦ ᠶᠢ ᠮᠦᠷᠦᠭᠡᠵᠤ ᠪᠠᠢᠨᠠ ᠦᠨᠦᠰᠬᠦ ᠶᠢ
ᠬᠡᠵᠢᠶᠡ ᠴᠤ ᠢᠷᠡᠬᠦ ᠦᠭᠡᠢ ᠲᠡᠷᠡ ᠬᠠᠢᠷᠠ ᠪᠡᠨ ᠰᠠᠳᠬᠢᠯ ᠳᠡᠬᠡᠨ ᠬᠠᠳᠠᠭᠠᠯᠠᠶᠠ
ᠬᠠᠮᠳᠤ ᠳᠠᠭᠠᠨ ᠪᠠᠢᠭᠰᠠᠨ ᠵᠢᠷᠭᠠᠯ ᠶᠢ ᠤᠳᠤ ᠪᠢ ᠴᠢᠨᠢ ᠲᠠᠭᠤᠰᠬᠠᠶᠠ
ᠬᠠᠢᠷᠠᠲᠤ ᠮᠢᠨᠢ ᠪᠠᠶᠠᠷᠲᠠᠢ
B·T·G·Q:
ᠬᠦᠢᠳᠡᠨ ᠰᠠᠯᠬᠢ ᠨᠠᠮᠠᠶᠢ ᠲᠠᠭᠠᠷᠠᠭᠣᠯᠵᠤ ᠵᠤᠪᠠᠭᠠᠬᠤ ᠶᠢᠨ ᠬᠠᠢᠷᠠᠲᠤ ᠮᠢᠨᠢ
ᠬᠦᠮᠦᠨ ᠦ ᠵᠠᠯᠠᠭᠤ ᠳᠤ ᠲᠤᠷᠠᠯᠠᠵᠤ ᠪᠠᠢᠨᠠ ᠭᠡᠵᠤ ᠠᠶᠤᠬᠤ ᠶᠢᠨ ᠬᠠᠢᠷᠠ ᠮᠢᠨᠢ
ᠬᠡᠨ ᠡᠴᠡ ᠢᠯᠡᠭᠦᠦ ᠵᠢᠷᠭᠠᠯᠲᠠᠢ ᠪᠠᠢᠭᠠᠷᠠᠢ ᠬᠠᠢᠷᠠᠳᠤ ᠮᠢᠨᠢ
ᠬᠦᠭᠡᠷᠦᠬᠦᠨ ᠵᠠᠩ ᠲᠠᠢ ᠴᠢᠮᠠᠳᠠᠭᠠᠨ ᠬᠠᠢᠷᠠᠲᠠᠢ ᠰᠢᠤ ᠬᠠᠢᠷᠠ ᠮᠢᠨᠢ
ᠭᠤᠨᠢᠭᠳᠠᠢ ᠨᠢᠳᠤ ᠪᠡᠷ ᠴᠢ ᠨᠠᠳᠠ ᠶᠢ ᠶᠠᠭᠤᠨ ᠳ᠋ᠤ᠋ ᠰᠢᠷᠳᠡᠭᠡ ᠪᠤᠢ
ᠠᠯᠢᠪᠠ ᠪᠡᠨ ᠴᠢᠮᠠᠳᠠᠭᠠᠨ ᠵᠤᠷᠢᠭᠤᠯᠤᠭᠰᠠᠨ ᠨᠠᠳᠠ ᠳᠤ ᠬᠤᠪᠢ ᠵᠢᠶᠠᠭᠠ ᠦᠭᠡᠢ
ᠲᠤᠷᠠᠰᠤᠮᠵᠢ ᠪᠤᠯᠤᠨ ᠦᠯᠡᠳᠡᠭᠰᠡᠨ ᠴᠠᠭ ᠮᠦᠴᠡ ᠰᠡᠳᠬᠢᠯ ᠳᠡᠭᠡᠨ ᠦᠯᠡᠳᠡᠨᠡ
ᠡᠷᠬᠢᠵᠤ ᠲᠠᠬᠢᠵᠤ ᠪᠤᠤ ᠢᠷᠡ ᠭᠡᠵᠤ ᠨᠠᠳᠠ ᠢ ᠪᠤᠤ ᠵᠤᠪᠠᠭᠠᠭᠠ
Hailgan᠌᠄
ᠡᠷᠬᠢᠵᠤ ᠲᠠᠬᠢᠵᠤ ᠠᠭᠤᠯᠵᠠᠬᠤ ᠶᠤᠮ ᠪᠤᠯ ᠲᠠᠨᠢᠬᠤ ᠦᠭᠡᠢ ᠶᠤᠮᠰᠢᠭ ᠦᠩᠭᠡᠭᠡᠷᠠᠢ
ᠰᠢᠨᠠᠯᠭᠠᠵᠤ ᠵᠤᠪᠠᠭᠰᠠᠨ ᠵᠢᠷᠦᠬᠡ ᠶᠢ ᠮᠢᠨᠢ ᠮᠡᠳᠡᠬᠦ ᠦᠬᠡᠢ ᠬᠦᠮᠦᠨ ᠰᠢᠭ ᠪᠠᠢᠭᠠᠷᠠᠢ
ᠦᠨᠡᠨ ᠳᠡᠬᠡᠨ ᠪᠤᠯ ᠴᠢᠮᠠ ᠳᠤ ᠬᠠᠢᠷᠠᠲᠠᠢ ᠭᠡᠳᠡᠭ ᠢᠶᠡᠨ ᠮᠡᠳᠡᠨᠡ
ᠦᠩᠭᠡᠪᠴᠢ ᠠᠮᠢᠳᠤᠷᠠᠯ ᠬᠦᠭᠡᠴᠡᠯᠳᠦᠭᠰᠡᠨ ᠴᠢᠮᠠ ᠶᠢ ᠶᠠᠷᠤ ᠳᠡᠭᠡᠨ ᠪᠤᠷᠤᠭᠤᠳᠬᠠᠬᠤ ᠦᠭᠡᠢ
B·T·G·Q:
ᠬᠠᠢᠷᠠᠯᠠᠵᠤ ᠭᠦᠢᠴᠡᠭᠡ ᠦᠭᠡᠢ ᠠᠮᠯᠠᠯᠳᠠ ᠪᠡᠨ ᠪᠡᠶᠠᠯᠡᠭᠦᠯᠵᠤ ᠴᠢᠳᠠᠭᠠ ᠦᠭᠡᠢ
ᠬᠠᠮᠢᠭᠠ ᠨᠢᠭᠡ ᠯᠡ ᠤᠰᠤᠯᠳᠠᠭᠰᠠᠨ ᠪᠤᠯ ᠠᠭᠤᠴᠢᠯᠠᠭᠠᠷᠠᠢ ᠭᠡᠵᠤ ᠴᠢᠮᠠ ᠠᠴᠠ ᠬᠦᠰᠠᠶᠡ
ᠬᠡᠨ ᠨᠢᠭᠡ ᠶᠢ ᠬᠠᠢᠷᠠᠯᠠᠵᠤ ᠪᠤᠯᠤᠨᠠ ᠠᠵᠠ ᠵᠢᠷᠭᠠᠯ ᠢ ᠭᠦᠰᠡᠶᠡ
ᠡᠷᠬᠢᠵᠤ ᠢᠷᠡᠬᠦ ᠦᠭᠡᠢ ᠪᠤᠯᠤᠭᠰᠠᠨ ᠬᠤᠢᠨᠠ ᠬᠠᠷᠠᠮᠰᠤᠯ ᠬᠡᠷᠡᠭ ᠦᠭᠡᠢ
Hailgan᠌᠄
ᠠᠵᠠ ᠵᠢᠷᠭᠠᠯ ᠬᠠᠭᠠᠯᠭᠠ ᠲᠤᠭᠰᠢᠨᠠ ᠭᠡᠳᠡᠭ ᠶᠢ ᠢᠳᠡᠭᠡᠳᠡᠭ ᠪᠢ
ᠠᠮᠵᠢᠯᠳᠠ ᠳᠤ ᠬᠦᠷᠦᠭᠡᠳ ᠬᠦᠭᠡᠷᠦᠭᠦᠨ ᠴᠢᠮᠠᠶᠢ ᠵᠢᠷᠭᠠᠨᠠ ᠭᠡᠳᠡᠭ ᠢ ᠪᠠᠳᠤᠯᠠᠳᠠᠭ
ᠬᠠᠮᠢᠭ ᠨᠢᠭᠡᠨ ᠴᠠᠭ ᠲᠤ ᠭᠤᠮᠳᠠᠭᠠᠭᠰᠠᠨ ᠪᠤᠯ ᠠᠭᠤᠴᠢᠯᠠᠭᠠᠷᠠᠢ
ᠬᠠᠮᠢᠭᠠ ᠠᠴᠠ ᠤᠯᠳᠠᠬᠤ ᠦᠬᠡᠢ ᠵᠠᠯᠠᠭᠤ ᠪᠢ ᠪᠤᠯ ᠭᠠᠭᠴᠠᠭᠠᠷ ᠪᠠᠨ
ᠬᠡᠨ ᠨᠢᠭᠡᠨ ᠦ ᠦᠭᠡᠨ ᠳ᠋ᠤ᠋ ᠬᠠᠭᠤᠷᠳᠠᠵᠤ ᠬᠦᠭᠡᠷᠦᠬᠡᠢ ᠨᠠᠳᠠ ᠢ ᠵᠢᠮᠡᠯᠡᠵᠤ ᠪᠤᠯᠤᠨᠠ
ᠬᠡᠷᠡᠭ ᠦᠭᠡᠢ ᠬᠡᠷᠡᠭᠦᠯ ᠡᠴᠡ ᠪᠤᠯᠵᠤ ᠨᠠᠳᠠ ᠶᠢ ᠪᠢᠳᠡᠭᠡᠢ ᠲᠤᠷᠠᠳᠠᠭᠠᠷᠠᠢ
ᠬᠡᠵᠢᠶᠡ ᠨᠢᠭᠡᠨ ᠴᠠᠭ ᠬᠡᠷᠡᠭ ᠲᠠᠢ ᠪᠤᠯ ᠨᠠᠳᠠ ᠳᠤ ᠤᠳᠠᠰᠤᠳᠠᠭᠠᠷᠠᠢ