shireg shiregᠪᠣᠯ ᠤᠷᠢᠳᠤ ᠡᠷᠲᠡᠨ ᠤ᠋ ᠶᠣᠰᠣᠯᠠᠯ ᠤ᠋ᠨ ᠦᠭᠡ ᠪᠣᠯᠤᠨᠠ
ᠡᠴᠢᠭᠡ ᠡᠬᠡ ᠪᠣᠯᠤᠭᠰᠠᠳ ᠦᠷᠡ ᠬᠡᠦᠬᠡᠳ ᠲᠡᠭᠡᠨ ᠬᠡᠯᠡᠳᠡᠭ
ᠲᠡᠭᠦᠨ ᠤ᠋ ᠪᠡᠶᠡ ᠲᠡᠬᠢ ᠬᠣᠣᠷ ᠶᠤᠤᠷ ᠶ᠋ᠢ ᠵᠠᠢᠯᠠᠭᠤᠯᠳᠠᠭ
ᠪᠠᠰᠠ ᠲᠡᠭᠦᠨ ᠳ᠋ᠤ ᠡᠷᠴᠢ ᠬᠦᠴᠦ ᠢᠨ ᠢᠷᠦᠭᠡᠯ ᠬᠠᠢᠷᠠᠯᠠᠳᠠᠭ
ᠠᠯᠠᠭ ᠳᠡᠯ ᠲᠠᠢ ᠤᠨᠠᠭᠠᠨ ᠵᠡᠭᠡᠷᠳᠡ ᠢᠨ ᠢ᠋ᠢᠡᠨ
ᠠᠮᠠᠭᠠᠢ ᠶᠠᠭᠤ ᠶ᠋ᠢ ᠨᠢ ᠠᠪᠴᠤ ᠯᠡ ᠤᠰᠤᠯᠠᠭᠠᠷᠠᠢ
ᠠᠵᠠᠢ ᠪᠤᠭᠤᠷᠤᠯ ᠡᠪᠦᠭᠡᠨ ᠠᠪᠤ ᠢᠨ ᠢ᠋ᠢᠡᠨ
ᠠᠴᠢ ᠯᠡ ᠪᠤᠶᠠᠨ ᠢ᠋ ᠨᠢ ᠰᠠᠨᠠᠵᠤ ᠯᠡ ᠶᠠᠪᠤᠭᠠᠷᠠᠢ
ᠡᠪᠬᠡᠭᠡ ᠬᠦᠷᠡᠩ ᠬᠦᠬᠡᠯᠪᠦᠷ ᠠᠭᠤᠯᠠᠰ ᠢᠨ ᠢ᠋ᠢᠡᠨ
ᠡᠩᠭᠡᠷ ᠪᠡᠯ ᠢ᠋ ᠨᠢ ᠳᠠᠭᠠᠵᠤ ᠯᠡ ᠶᠠᠪᠤᠭᠠᠷᠠᠢ
ᠡᠪᠡᠢ ᠬᠥᠭᠡᠷᠦᠬᠦᠢ ᠨᠠᠰᠤᠲᠠᠢ ᠡᠵᠢ ᠢᠨ ᠢ᠋ᠢᠡᠨ
ᠡᠯᠪᠡᠷᠢᠯ ᠠᠴᠢ ᠶ᠋ᠢ ᠨᠢ ᠰᠠᠨᠠᠵᠤ ᠯᠡ ᠶᠠᠪᠤᠭᠠᠷᠠᠢ
ᠡᠸ᠂᠂᠂᠂᠂᠂
ᠬᠠᠷᠢ ᠢᠨ ᠨᠤᠲᠤᠭ ᠤ᠋ᠨ ᠭᠦᠨ ᠢ᠋ ᠲᠤᠭᠤᠯᠬᠤ ᠳ᠋ᠤ ᠪᠠᠨ
ᠬᠦᠯᠦᠭ ᠮᠣᠷᠢ ᠪᠠᠨ ᠭᠠᠮᠨᠠᠵᠤ ᠶᠠᠪᠤᠭᠠᠷᠠᠢ
ᠬᠥᠮᠦᠨ ᠤ᠋ ᠳᠤᠮᠳᠠ ᠨᠢ ᠶᠠᠪᠤᠬᠤ ᠳ᠋ᠤ ᠪᠠᠨ
ᠬᠥᠮᠦᠨ ᠤ᠋ ᠰᠠᠢᠲᠠᠢ ᠨᠦᠬᠦᠷᠯᠡᠵᠤ ᠶᠠᠪᠤᠭᠠᠷᠠᠢ
ᠰᠠᠭᠠᠳᠠᠭ ᠨᠤᠮᠤ ᠪᠠᠨ ᠰᠠᠯᠬᠢ ᠪᠠᠷ ᠤᠮᠳᠠᠯᠠᠭᠠᠷᠠᠢ
ᠰᠠᠷᠠᠨ ᠢᠯᠳᠤ ᠪᠠᠨ ᠰᠠᠬᠢᠵᠤ ᠤᠨᠲᠠᠭᠠᠷᠠᠢ
ᠰᠠᠭᠠᠷ ᠢ᠋ ᠲᠠᠨᠢᠬᠤ ᠰᠣᠪᠢᠩ ᠲᠠᠢ ᠶᠠᠪᠤᠭᠠᠷᠠᠢ
ᠰᠠᠭᠠᠳ ᠢ᠋ ᠳᠠᠪᠠᠬᠤ ᠬᠦᠴᠦ ᠲᠠᠢ ᠶᠠᠪᠤᠭᠠᠷᠠᠢ
ᠡᠸ᠂᠂᠂᠂᠂᠂
ᠪᠠᠷᠠᠭᠤᠨ ᠬᠠᠴᠠᠷ ᠢ᠋ ᠨᠢ ᠦᠨᠦᠰᠦᠭᠡᠳ ᠦᠲᠡᠯᠡ ᠳ᠋ᠡ
ᠪᠤᠴᠠᠭᠠᠳ ᠢᠷᠡᠬᠦ ᠳ᠋ᠤ ᠨᠢ ᠵᠡᠭᠦᠨ ᠢ᠋ ᠨᠢ ᠦᠨᠦᠷᠯᠡᠯᠡ ᠳ᠋ᠡ
ᠪᠠᠭᠤᠷᠠᠢ ᠠᠪᠤ ᠯᠡ ᠡᠵᠢ ᠬᠣᠶᠠᠷ ᠨᠢ
ᠪᠠᠭᠤᠷᠢᠨ ᠳᠡᠭᠡᠷᠡ ᠪᠠᠨ ᠬᠦᠯᠢᠶᠡᠵᠤ ᠦᠲᠡᠯᠡ ᠳ᠋ᠡ
ᠡᠸ᠂᠂᠂᠂᠂᠂