作词 : Ganzorig Baavar/Azbayar Enkhtur
作曲 : Ganzorig Baavar/Azbayar Enkhtur
Lyrics by:Ankhaa/Ganzorig Baavar/Azbayar Enkhtur
Composed by:Ankhaa/Ganzorig Baavar/Azbayar Enkhtur
Arranged by:Ankhaa
Recorded by:DEGI
Mixed by:DEGI
Mastered by:DEGI
ᠠᠷᠠᠳᠴᠢᠯᠠᠭᠰᠠᠨ ᠬᠤᠪᠢᠰᠤᠯ ᠪᠠᠰᠠ ᠰᠣᠼᠢ ᠨᠡᠶᠢᠭᠡᠮ ᠦᠨ ᠵᠣᠯᠢᠶᠠᠰᠤ
ᠠᠬᠠᠳᠠᠭᠰᠠᠨ ᠠᠴᠢᠶᠠ ᠪᠢᠳᠡᠨ ᠦ᠌ ᠬᠡᠦᠬᠡᠳ ᠨᠠᠰᠤᠨ ᠤ᠋ ᠲᠥᠯᠥᠭᠡᠰᠦ
ᠬᠡᠨ ᠬᠥᠮᠦᠨ ᠦᠭᠡᠢ ᠬᠥᠯ ᠠᠮᠲᠠᠭᠰᠠᠨ ᠬᠡᠴᠡᠭᠦᠦ ᠪᠡᠷᠬᠡ ᠨᠡᠶᠢᠭᠡᠮ
ᠬᠡᠷᠰᠡᠦᠵᠢᠵᠦ ᠤᠬᠠᠭᠠᠵᠢᠭᠰᠠᠨ ᠪᠠᠭᠠ ᠨᠠᠰᠤᠨ ᠤ᠋ ᠳᠤᠷᠠᠳᠤᠮᠵᠢ
ᠠᠪᠬᠤ ᠬᠡᠳᠦ᠋ᠢᠨ ᠤᠬᠠᠭᠠᠨ ᠠᠬᠠ ᠵᠠᠬᠠ ᠶᠣᠰᠣ ᠵᠠᠶᠢᠭ
ᠠᠮᠢᠳᠤᠷᠠᠯ ᠣᠯᠵᠤ ᠠᠪᠬᠤ ᠦᠨᠡ ᠴᠠᠨᠠ ᠬᠡᠪ ᠮᠠᠶᠢᠭ
ᠭᠠᠭᠴᠠ ᠯᠠ ᠠᠮᠢᠳᠤᠷᠠᠵᠤ ᠦᠬᠦᠨᠡ ᠭᠤᠲᠤᠷᠠᠬᠤ ᠡᠷᠬᠡ ᠪᠠᠶᠢᠬᠤ ᠦᠭᠡᠢ
ᠭᠤᠶᠤᠵᠤ ᠪᠢᠰᠢ ᠭᠤᠶᠠᠳᠠᠵᠤ ᠲᠠᠭᠠᠷᠢᠨᠠ ᠵᠣᠪᠠᠯᠠᠩ ᠳ᠋ᠤ᠌ ᠪᠢ ᠭᠤᠳᠤᠶᠢᠬᠤ ᠦᠭᠡᠢ
ᠵᠠᠯᠬᠠᠭᠤᠷᠠᠭᠠᠳ ᠬᠡᠪᠲᠡᠭᠡᠳ᠂ ᠪᠠᠶᠢᠪᠠᠯ ᠵᠠᠮ ᠴᠢᠨᠢ ᠵᠢᠮ ᠪᠣᠯᠤᠨᠠ
ᠵᠠᠪ ᠥᠭᠡᠶᠢᠬᠢᠨ ᠠᠵᠢᠯᠯᠠᠭᠠᠳ᠂ ᠪᠠᠶᠢᠪᠠᠯ ᠵᠢᠮ ᠴᠢᠨᠢ ᠵᠠᠮ ᠪᠣᠯᠤᠨᠠ
ᠪᠤᠴᠠᠬᠤ ᠵᠠᠮ ᠪᠠᠶᠢᠬᠤ ᠦᠭᠡᠢ᠂ ᠵᠠ᠂ ᠠᠯᠢᠪ ᠶᠠᠪᠤᠰᠬᠢ
ᠪᠤᠷᠤᠭᠤᠳᠠᠵᠤ ᠠᠳᠠᠯᠠᠭᠳᠠᠭᠰᠠᠨ ᠴᠤ᠌ ᠪᠡᠷᠬᠡᠰᠢᠶᠡᠯ ᠢ᠋ ᠨᠠᠪᠰᠠ ᠳᠡᠪᠰᠡ
ᠬᠦᠰᠡᠯ ᠪᠠᠶᠢᠪᠠᠴᠤ ᠬᠢᠰᠠᠯ ᠢᠷᠡᠳᠡᠭ ᠵᠣᠪᠠᠯᠠᠩ ᠢ᠋ ᠳᠠᠪᠠᠵᠤ ᠲᠤᠭᠤᠯᠵᠤ ᠯᠠ ᠲᠠᠭᠠᠷᠠᠭᠠ
ᠵᠣᠷᠢᠭ ᠪᠠᠰᠠ ᠢᠲᠡᠭᠡᠯ ᠪᠠᠶᠢᠬᠤ ᠳ᠋ᠤ᠌ ᠵᠢᠳᠭᠦᠯ ᠳᠠᠭᠠᠭᠤᠯᠵᠤ ᠯᠠ ᠲᠠᠭᠠᠷᠠᠭᠠ
ᠠᠯᠬᠤᠨ ᠪᠦᠷᠢ ᠳ᠋ᠦ᠍ ᠰᠣᠷᠢᠬᠤ ᠠᠮᠢᠳᠤᠷᠠᠯ ᠴᠢᠮᠠᠶ᠋ᠢ ᠢᠯᠠᠬᠤ ᠶ᠋ᠢᠨ ᠲᠤᠯᠠᠳᠠ
ᠭᠠᠯᠵᠠᠭᠤ ᠭᠠᠭᠴᠠᠬᠠᠨ ᠠᠮᠢᠳᠤᠷᠠᠨᠠ
ᠠᠮᠢᠳᠤᠷᠠᠨᠠ ᠠᠮᠢᠳᠤᠷᠠᠨᠠ
ᠭᠠᠯ ᠰᠢᠭ᠋ ᠠᠰᠠᠭᠰᠠᠭᠠᠷ ᠠᠮᠢᠳᠤᠷᠠᠨᠠ
ᠠᠮᠢᠳᠤᠷᠠᠨᠠ ᠠᠮᠢᠳᠤᠷᠠᠨᠠ
ᠥᠩᠭᠡ ᠲᠡᠢ ᠥᠭᠬᠦ ᠲᠡᠢ ᠡᠷᠬᠡ ᠮᠠᠲᠠᠯ ᠲᠠᠢ ᠥᠨᠥ ᠴᠠᠭ ᠤᠨ ᠪᠠᠶᠠᠴᠤᠳ ᠰᠢᠭ᠋
ᠥᠪᠡᠷ ᠡᠴᠡ ᠪᠡᠨ ᠪᠤᠰᠤᠳ ᠢ᠋ ᠬᠠᠶᠢᠷᠠᠯᠠᠬᠤ ᠴᠣᠬᠢᠯᠠᠬᠤ ᠵᠢᠷᠦᠬᠡ ᠦᠭᠡᠢ ᠪᠣᠯ
ᠥᠪᠡᠷ ᠢ᠋ ᠪᠡᠨ ᠬᠡᠨ ᠴᠦ᠍ ᠬᠢᠬᠦᠪ ᠳ᠋ᠧ ᠶᠠᠭᠤ ᠴᠤ᠌ ᠬᠢᠬᠦᠪ ᠳ᠋ᠧ
ᠦᠷᠦ ᠵᠥᠭᠡᠯᠡᠨ ᠰᠡᠳᠭᠢᠯ ᠦᠭᠡᠢ ᠪᠣᠯ ᠬᠥᠮᠦᠨ ᠭᠡᠵᠦ ᠪᠠᠶᠢᠭᠠᠳ ᠶᠠᠭᠠᠬᠢᠬᠤ ᠶᠤᠮ ᠪᠣᠢ?
ᠶᠠᠭᠠᠬᠢᠬᠤ ᠶᠤᠮ ᠪᠣᠢ? ᠪᠡᠶᠡ ᠪᠠᠶᠠᠨ ᠢᠶᠠᠨ ᠦᠵᠡᠨ ᠶᠠᠳᠠᠭᠠᠳ ᠶᠠᠭᠠᠬᠢᠬᠤ ᠶᠤᠮ ᠪᠣᠢ? ᠶᠠᠭᠠᠬᠢᠯᠲᠠ ᠴᠤ᠌ ᠦᠭᠡᠢ ᠤᠴᠠᠷᠠᠬᠤ ᠶᠣᠰᠣᠲᠠᠢ ᠲᠠᠪᠢᠯᠠᠩ ᠢ᠋ ᠬᠡᠨ ᠳᠠᠭᠠᠬᠤ ᠶᠤᠮ ᠪᠣᠢ?
ᠳᠠᠪᠠᠬᠤ ᠯᠠ ᠶᠣᠰᠣᠲᠠᠢ ᠳᠠᠪᠠᠬᠤ ᠯᠠ ᠨᠢᠭᠡ ᠤᠴᠢᠷ ᠲᠠᠢ
ᠳᠠᠪᠠᠭᠠᠳ ᠤᠨ ᠴᠠᠭᠠᠨᠠ ᠳᠠᠪᠠᠭᠠ ᠪᠠᠶᠢᠳᠠᠭ ᠠᠮᠢᠳᠤᠷᠠᠯ ᠪᠠᠰᠠ ᠬᠠᠴᠢᠷ ᠲᠠᠢ!
ᠠᠯᠳᠠᠬᠤ ᠪᠦᠷᠢ ᠳ᠋ᠦ᠍᠂ ᠠᠮᠢᠳᠤᠷᠠᠯ ᠨᠠᠳᠠ ᠳ᠋ᠤ᠌ ᠤᠬᠠᠮᠰᠠᠷ ᠤᠨ ᠰᠢᠨᠠ ᠥᠭᠴᠦ
ᠠᠰᠠᠭᠤᠳᠠᠯ ᠢ᠋ ᠰᠢᠢᠢᠳᠬᠦ ᠶ᠋ᠢᠨ ᠲᠤᠯᠠᠳᠠ ᠠᠷᠭᠠ ᠤᠬᠠᠭᠠᠨ ᠰᠠᠨᠠᠭᠠ ᠥᠭᠴᠦ
ᠠᠷᠤ ᠳ᠋ᠤ᠌ ᠦᠯᠡᠳᠡᠬᠦ ᠣᠨ ᠵᠢᠯ ᠦᠳ ᠨᠠᠳᠠ ᠳ᠋ᠤ᠌ ᠰᠤᠷᠭᠠᠮᠵᠢ ᠦᠯᠡᠳᠡᠭᠡᠨᠡ
ᠠᠬᠢᠭᠠᠳ ᠢᠷᠡᠬᠦ ᠪᠦᠬᠦ ᠵᠦᠢᠯ ᠶ᠋ᠢᠨ ᠡᠬᠢᠯᠡᠯ ᠭᠡᠳᠡᠭ ᠢ᠋ ᠮᠡᠳᠡᠭᠡᠵᠢ
ᠪᠦᠳᠦᠷᠢᠵᠦ ᠶᠠᠪᠤᠭᠰᠠᠨ ᠴᠤ᠌ ᠰᠥᠬᠥᠷᠡᠵᠦ ᠬᠠᠷᠢᠨ ᠦᠵᠡᠭᠰᠡᠨ ᠦᠭᠡᠢ
ᠪᠦᠷᠦᠩᠬᠦᠢ ᠳ᠋ᠦ᠍ ᠰᠦᠮᠡᠶᠢᠵᠦ ᠰᠠᠭᠤᠬᠤ ᠢ᠋ ᠪᠠᠰᠠ ᠬᠦᠰᠡᠭᠰᠡᠨ ᠦᠭᠡᠢ
ᠠᠯᠬᠤᠮ ᠪᠦᠷᠢ ᠳ᠋ᠦ᠍ ᠰᠣᠷᠢᠬᠤ ᠠᠮᠢᠳᠤᠷᠠᠯ ᠴᠢᠮᠠᠶ᠋ᠢ ᠢᠯᠠᠬᠤ ᠶ᠋ᠢᠨ ᠲᠤᠯᠠᠳᠠ
ᠭᠠᠯᠵᠠᠭᠤ ᠭᠠᠭᠴᠠᠬᠠᠨ ᠠᠮᠢᠳᠤᠷᠠᠨᠠ
ᠠᠮᠢᠳᠤᠷᠠᠨᠠ ᠠᠮᠢᠳᠤᠷᠠᠨᠠ
ᠭᠠᠯ ᠰᠢᠭ᠋ ᠠᠰᠠᠭᠰᠠᠭᠠᠷ ᠠᠮᠢᠳᠤᠷᠠᠨᠠ
ᠠᠮᠢᠳᠤᠷᠠᠨᠠ ᠠᠮᠢᠳᠤᠷᠠᠨᠠ
ᠪᠠᠭᠤᠵᠤ ᠥᠭᠬᠦ ᠳᠤᠷᠠ ᠦᠭᠡᠢ ᠪᠢ ᠪᠤᠴᠠᠭᠠᠳ ᠠᠯᠬᠤᠬᠤ ᠳᠤᠷᠠ ᠦᠭᠡᠢ
ᠪᠤᠷᠬᠠᠨ ᠭᠡᠭᠴᠢ ᠳ᠋ᠦ᠍ ᠨᠠᠶᠢᠳᠠᠭᠠᠳ ᠪᠥᠬᠥ᠋ᠢᠵᠦ ᠰᠠᠭᠤᠬᠤ ᠳᠤᠷᠠ ᠦᠭᠡᠢ
ᠵᠣᠷᠢᠯᠭᠠ ᠨᠠᠳᠠ ᠳ᠋ᠤ᠌ ᠪᠠᠶᠢᠭᠠ ᠴᠠᠭ ᠲᠤ᠌ ᠰᠢᠭᠤᠷᠭᠠ ᠢ᠋ ᠲᠠᠰᠤ ᠰᠥᠷᠦᠨᠡ
ᠵᠣᠷᠢᠭ ᠢᠶᠠᠷ ᠪᠣᠯᠳᠠᠭ ᠦᠭᠡᠢ ᠴᠤ᠌ ᠭᠡᠯᠡ ᠰᠠᠨᠠᠭᠰᠠᠨ ᠳ᠋ᠠᠭᠠᠨ ᠬᠦᠷᠦᠨᠡ
"ᠠᠷᠪᠠᠨ ᠬᠤᠷᠤᠭᠤ ᠲᠡᠭᠰᠢ ᠪᠢ ᠪᠠᠶᠢᠭᠰᠠᠨ ᠦᠭᠡᠢ"
ᠠᠶᠠᠨ ᠤ᠋ ᠵᠠᠮ ᠳ᠋ᠤ᠌ ᠪᠦᠳᠦᠷᠢᠬᠦ ᠡᠴᠡ ᠠᠶᠤᠭᠰᠠᠨ ᠦᠭᠡᠢ
ᠠᠯᠳᠠᠬᠤ ᠳ᠋ᠠᠭᠠᠨ ᠠᠯᠳᠠᠵᠤ
ᠤᠨᠤᠬᠤ ᠳ᠋ᠠᠭᠠᠨ ᠤᠨᠤᠵᠤ
ᠠᠨᠳᠠ ᠨᠤᠭᠤᠳ ᠲᠠᠢ ᠳᠠᠷᠪᠠᠶᠢᠵᠤ ᠠᠪᠤ ᠶ᠋ᠢᠨ ᠳ᠋ᠦ᠍ ᠪᠠᠰᠠ ᠬᠣᠨᠣᠵᠤ
ᠠᠯᠳᠠᠭᠰᠠᠨ ᠠᠯᠳᠠᠭᠠ ᠮᠢᠨᠢ ᠣᠳᠣ ᠨᠠᠮᠠᠶ᠋ᠢ ᠬᠤᠶᠠᠭᠯᠠᠨᠠ
ᠠᠭᠰᠢᠵᠤ ᠪᠢᠰᠢ ᠲᠡᠯᠡᠬᠦ ᠤᠬᠠᠭᠠᠨ ᠨᠠᠳᠠ ᠳ᠋ᠤ᠌ ᠬᠠᠶᠢᠭᠯᠠᠨᠠ
ᠪᠤᠴᠠᠬᠤ ᠪᠤᠰᠤ ᠤᠷᠤᠭᠰᠢᠯᠠᠬᠤ ᠵᠢᠷᠦᠬᠡ ᠵᠣᠷᠢᠭ ᠪᠠᠶᠢᠨᠠ
ᠪᠤᠰᠤᠳ ᠠ᠋ᠴᠠ ᠪᠢᠰᠢ ᠥᠪᠡᠷ ᠡᠴᠡ ᠦᠬᠡ ᠬᠠᠶᠢᠨᠠ
ᠠᠷᠤ ᠳ᠋ᠤ᠌ ᠦᠯᠡᠳᠡᠬᠦ ᠪᠦᠬᠦᠨ ᠢᠶᠡᠨ ᠣᠷᠬᠢᠵᠤ ᠴᠠᠭ ᠬᠤᠭᠤᠴᠠᠭᠠ ᠲᠠᠢ ᠣᠷᠣᠯᠳᠣᠨᠠ
ᠠᠮᠢᠳᠤᠷᠠᠯ! ᠴᠢᠮᠠ ᠲᠠᠢ ᠪᠢ ᠨᠡᠬᠡᠢ ᠳᠠᠪᠠᠯ ᠢᠶᠠᠨ ᠤᠷᠠᠯᠴᠠᠨᠠ!
ᠠᠯᠬᠤᠮ ᠪᠦᠷᠢ ᠳ᠋ᠦ᠍ ᠰᠣᠷᠢᠬᠤ ᠠᠮᠢᠳᠤᠷᠠᠯ ᠴᠢᠮᠠᠶ᠋ᠢ ᠢᠯᠠᠬᠤ ᠶ᠋ᠢᠨ ᠲᠤᠯᠠᠳᠠ
ᠭᠠᠯᠵᠠᠭᠤ ᠭᠠᠭᠴᠠᠬᠠᠨ ᠠᠮᠢᠳᠤᠷᠠᠨᠠ
ᠠᠮᠢᠳᠤᠷᠠᠨᠠ ᠠᠮᠢᠳᠤᠷᠠᠨᠠ
ᠭᠠᠯ ᠰᠢᠭ᠋ ᠠᠰᠠᠭᠰᠠᠭᠠᠷ ᠠᠮᠢᠳᠤᠷᠠᠨᠠ
ᠠᠮᠢᠳᠤᠷᠠᠨᠠ ᠠᠮᠢᠳᠤᠷᠠᠨᠠ
ᠠᠮᠢᠳᠤᠷᠠᠨᠠ
ᠠᠮᠢᠳᠤᠷᠠᠨᠠ ᠠᠮᠢᠳᠤᠷᠠᠨᠠ