作词 : 那仁格日乐
作曲 : 阿吉德力格尔
ᠨᠤᠲᠤᠭ ᠤᠨ ᠪᠠᠷᠠ
ᠦᠭᠡ᠄ ᠨᠠᠷᠠᠨᠭᠡᠷᠡᠯ
ᠠᠶᠠ᠄ ᠠᠵᠠᠳᠡᠯᠭᠡᠷ
ᠳᠠᠭᠤᠴᠢᠨ᠄ ᠠᠭᠤᠳᠠᠮ
ᠵᠡᠭᠦᠳᠦᠨ ᠳᠤᠮᠳᠠ ᠮᠢᠨᠢ ᠲᠤᠯᠤᠭᠠᠳ ᠨᠢ ᠦᠵᠡᠭᠳᠡᠭᠡᠳ
ᠵᠦᠰᠡᠷᠡᠬᠦ ᠪᠤᠷᠤᠭᠠᠨ ᠲᠠᠢ ᠲᠡᠩᠷᠢ ᠨᠢ ᠴᠡᠩᠬᠡᠷᠲᠦᠭᠡᠳ
ᠰᠠᠨᠠᠭᠠ ᠠᠯᠳᠠᠬᠤ ᠳ᠋ᠦ ᠰᠠᠯᠬᠢ ᠨᠢ ᠦᠨᠦᠷᠲᠦᠭᠡᠳ
ᠰᠠᠢᠬᠠᠨ ᠨᠤᠲᠤᠭ ᠤᠨ ᠪᠠᠷᠠ ᠨᠢ ᠲᠤᠳᠤᠬᠠᠨ
ᠨᠢᠯᠪᠤᠰᠤ ᠲᠠᠢ ᠨᠢᠳᠦᠨ ᠳ᠋ᠦ ᠮᠢᠨᠢ ᠲᠣᠷᠣᠢᠭᠠᠳ ᠬᠤᠴᠤᠷᠤᠭᠰᠠᠨ
ᠨᠤᠲᠤᠭ ᠤᠨ ᠪᠠᠷᠠ ᠨᠢ ᠡᠵᠢ ᠶᠢᠨ ᠡᠩ ᠲᠠᠢ
ᠠᠷᠢᠭᠤᠬᠠᠨ ᠰᠢᠷᠤᠢ ᠶᠢ ᠨᠢ ᠠᠯᠭᠠᠨ ᠳ᠋ᠠᠭᠠᠨ ᠳᠡᠭᠡᠳᠦᠯᠡᠭᠰᠡᠨ
ᠠᠯᠲᠠᠨ ᠨᠤᠲᠤᠭ ᠠᠪᠤ ᠶᠢᠨ ᠲᠦᠰᠢᠭ ᠲᠠᠢ
ᠪᠤᠳᠤᠯ ᠤᠨ ᠬᠠᠷᠭᠤᠢ ᠳ᠋ᠦ ᠰᠢᠪᠠᠭᠤᠳ ᠨᠢ ᠵᠡᠯᠡᠯᠡᠭᠡᠳ
ᠪᠤᠳᠠᠩᠲᠤ ᠬᠥᠨᠳᠡᠢ ᠶᠢᠨ ᠵᠡᠷᠭᠡᠯᠭᠡ ᠨᠢ ᠮᠢᠷᠠᠯᠵᠠᠭᠰᠠᠨ
ᠪᠤᠴᠠᠬᠤ ᠶᠢᠨ ᠰᠤᠪᠢᠩ ᠰᠡᠳᠬᠢᠯ ᠳ᠋ᠦ ᠬᠢᠷᠠᠭᠤᠯᠤᠭᠰᠠᠨ
ᠪᠤᠭᠤᠷᠤᠯ ᠨᠤᠲᠤᠭ ᠤᠨ ᠪᠠᠷᠠ ᠨᠢ ᠲᠤᠳᠤᠬᠠᠨ
ᠨᠢᠯᠪᠤᠰᠤ ᠲᠠᠢ ᠨᠢᠳᠦᠨ ᠳ᠋ᠦ ᠮᠢᠨᠢ ᠲᠣᠷᠣᠢᠭᠠᠳ ᠬᠤᠴᠤᠷᠤᠭᠰᠠᠨ
ᠨᠤᠲᠤᠭ ᠤᠨ ᠪᠠᠷᠠ ᠨᠢ ᠡᠵᠢ ᠶᠢᠨ ᠡᠩ ᠲᠠᠢ
ᠠᠷᠢᠭᠤᠬᠠᠨ ᠰᠢᠷᠤᠢ ᠶᠢ ᠨᠢ ᠠᠯᠭᠠᠨ ᠳ᠋ᠠᠭᠠᠨ ᠳᠡᠭᠡᠳᠦᠯᠡᠭᠰᠡᠨ
ᠠᠯᠲᠠᠨ ᠨᠤᠲᠤᠭ ᠠᠪᠤ ᠶᠢᠨ ᠲᠦᠰᠢᠭ ᠲᠠᠢ
ᠨᠤᠲᠤᠭ ᠤᠨ ᠪᠠᠷᠠ
ᠦᠭᠡ᠄ ᠨᠠᠷᠠᠨᠭᠡᠷᠡᠯ
ᠠᠶᠠ᠄ ᠠᠵᠠᠳᠡᠯᠭᠡᠷ
ᠳᠠᠭᠤᠴᠢᠨ᠄ ᠠᠭᠤᠳᠠᠮ
ᠬᠥᠮᠥᠨ ᠦ ᠨᠤᠲᠤᠭ ᠤᠨ ᠰᠠᠢᠬᠠᠨ ᠢ ᠮᠡᠳᠡᠬᠦ ᠪᠡᠷ
ᠬᠦᠷᠬᠦ ᠠᠯᠤᠰ ᠤᠨ ᠬᠤᠯᠠ ᠶᠢ ᠵᠣᠷᠢᠭᠰᠠᠨ
ᠬᠣᠣᠰ ᠦᠭᠡᠢ ᠲᠠᠨ ᠠᠴᠠ ᠡᠷᠬᠢᠮ ᠡᠷᠳᠡᠨᠢ ᠶᠢ
ᠬᠤᠷᠸᠠ ᠳ᠋ᠦ ᠪᠢ ᠴᠢᠨᠢ ᠣᠯᠣᠭᠰᠠᠨ ᠦᠭᠡᠢ ᠳ᠋ᠧ