作词 : 艾·纳木吉乐
作曲 : 巴图吉日嘎拉
ᠬᠦᠯᠢᠶᠡᠯᠲᠡ
ᠰᠢᠯᠦᠭ : ᠠᠢ᠂ ᠨᠠᠮᠵᠢᠯ
ᠠᠶᠠᠯᠭᠤ : ᠪᠠᠲᠤᠵᠢᠷᠭᠠᠯ
ᠳᠠᠭᠤᠴᠢᠨ : ᠰᠥᠮᠪᠥᠷ
ᠬᠥᠭᠵᠢᠶᠡᠨᠲᠦ ᠵᠣᠨ ᠪ ᠦᠳᠡᠰᠢ
ᠬᠥᠯ ᠦᠢᠮᠡᠭᠡᠨ ᠳᠠᠷᠤᠭᠳᠠᠯᠠ
ᠬᠥᠷᠥᠭᠡᠳ ᠢᠷᠡᠬᠦ ᠦᠭᠡᠢ ᠶᠠᠭᠤ ᠪᠣᠯᠪᠠ ᠭᠡᠳ
ᠬᠦᠯᠢᠶᠡᠵᠦ ᠯᠡ ᠵᠣᠭᠰᠣᠯᠠ ᠪᠢ
ᠲᠠᠨᠽᠢ ᠪᠥᠵᠢᠭ ᠦ᠋ᠨ ᠠᠶᠠᠯᠭᠤᠨ ᠳ᠋ᠦ
ᠲᠠᠪᠠᠲᠠᠢ ᠰᠠᠢᠢᠬᠠᠨ ᠪᠥᠵᠢᠭᠯᠡᠶᠡ ᠭᠡᠳ
ᠪᠣᠯᠵᠣᠭᠠ ᠲᠣᠭᠲᠠᠭᠰᠠᠨ ᠭᠠᠵᠠᠷ ᠲᠠᠭᠠᠨ
ᠪᠣᠳᠣᠯᠭᠠ ᠪᠣᠯᠣᠨ ᠵᠣᠭᠰᠣᠯᠠ ᠪᠢ
ᠭᠠᠷᠠᠭ ᠦ᠋ᠨ ᠵᠢᠷᠭᠤᠭᠠᠨ ᠪ ᠦᠳᠡᠰᠢ
ᠭᠠᠳᠠᠨᠠ ᠴᠢᠨᠢ ᠬᠦᠯᠢᠶᠡᠯᠡ ᠪᠢ
ᠭᠠᠷᠤᠭᠠᠳ ᠢᠷᠡᠬᠦ ᠦᠭᠡᠢ ᠶᠠᠭᠤ ᠪᠣᠯᠪᠠ ᠭᠡᠳ
ᠭᠠᠳᠠᠰᠦ ᠪᠣᠯᠣᠨ ᠵᠣᠭᠰᠣᠯᠠ ᠪᠢ
ᠪᠦᠷᠬᠦᠭ ᠲᠡᠭᠷᠢ ᠵᠢᠨ ᠴᠡᠭᠡᠯ ᠢᠠᠷ
ᠪᠣᠳᠣᠯ ᠦ᠋ᠨ ᠣᠳᠣᠳ ᠦᠷᠭᠦᠯᠵᠢᠯᠡᠭᠰᠡᠭᠡᠷ
ᠪᠣᠷᠣᠭᠠᠨᠲᠦ ᠰᠥᠨᠢ ᠵᠢᠨ ᠭᠤᠳᠤᠮᠵᠢ ᠪᠠᠷ
ᠪᠣᠯᠵᠣᠭᠠᠨ ᠳ᠋ᠦ ᠪᠡᠨ ᠢᠷᠡᠬᠦ ᠵᠢ ᠴᠢᠨᠢ ᠬᠦᠯᠢᠶᠡᠯᠡ
ᠭᠠᠷᠠᠭ ᠦ᠋ᠨ ᠵᠢᠷᠭᠤᠭᠠᠨ ᠪ ᠦᠳᠡᠰᠢ
ᠭᠠᠳᠠᠨᠠ ᠴᠢᠨᠢ ᠬᠦᠯᠢᠶᠡᠯᠡ ᠪᠢ
ᠭᠠᠷᠤᠭᠠᠳ ᠢᠷᠡᠬᠦ ᠦᠭᠡᠢ ᠶᠠᠭᠤ ᠪᠣᠯᠪᠠ ᠭᠡᠳ
ᠭᠠᠳᠠᠰᠦ ᠪᠣᠯᠣᠨ ᠵᠣᠭᠰᠣᠯᠠ ᠪᠢ
ᠭᠠᠷᠠᠭ ᠦ᠋ᠨ ᠵᠢᠷᠭᠤᠭᠠᠨ ᠪ ᠦᠳᠡᠰᠢ
ᠭᠠᠳᠠᠨᠠ ᠴᠢᠨᠢ ᠬᠦᠯᠢᠶᠡᠯᠡ ᠪᠢ
ᠭᠠᠷᠤᠭᠠᠳ ᠢᠷᠡᠬᠦ ᠦᠭᠡᠢ ᠶᠠᠭᠤ ᠪᠣᠯᠪᠠ ᠭᠡᠳ
ᠭᠠᠳᠠᠰᠦ ᠪᠣᠯᠣᠨ ᠵᠣᠭᠰᠣᠯᠠ ᠪᠢ