作词 : Yusten
作曲 : Yusten
ᠡᠭᠦᠯᠡᠨ ᠴᠠᠭᠠᠭᠤᠷ ᠦᠵᠡᠰᠬᠦᠯᠡᠩ ᠭᠤᠸᠠ ᠪᠡᠨ
ᠳᠠᠯᠳᠠᠯᠠᠨ ᠪᠠᠶ᠋ᠢᠳᠠᠭ ᠰᠣᠯᠤᠩᠭᠠᠨ ᠦᠬᠢᠨ
ᠡᠷᠭᠢᠵᠦ ᠬᠠᠷᠠᠬᠤ ᠳ᠋ᠤ᠌ ᠪᠠᠨ ᠪᠥᠮᠪᠥᠷᠴᠡᠭ ᠢ ᠤᠶᠠᠷᠠᠭᠠᠨᠠ
ᠳᠡᠯᠡᠬᠡᠢ ᠳ᠋ᠦ᠍ ᠴᠢᠮᠠ ᠦᠭᠡᠢ ᠪᠡᠷ ᠦᠩᠭᠡ ᠨᠢᠭᠡ ᠪᠠᠷ ᠳᠤᠲᠠᠨᠠ
ᠬᠠᠶ᠋ᠢᠷᠠᠳᠤ ᠮᠢᠨᠢ ᠴᠢ ᠮᠢᠨᠤ ᠰᠣᠯᠣᠩᠭᠠ ᠥᠬᠢᠨ
ᠭᠠᠷ ᠢ ᠮᠢᠨᠢ ᠠᠳᠬᠤᠭᠠᠴᠢ ᠬᠠᠵᠠᠭᠤ ᠳ᠋ᠤ᠌ ᠮᠢᠨᠢ ᠣᠶ᠋ᠢᠷᠠᠳᠤᠭᠠᠴᠢ
ᠬᠣᠶᠠᠭᠤᠯᠠ ᠡᠨᠡ ᠯᠡ ᠴᠡᠩᠭᠡᠯ ᠦᠨ ᠣᠷᠣᠨ ᠳ᠋ᠠᠭᠠᠨ
ᠬᠠᠶ᠋ᠢᠷᠠᠨ ᠳ᠋ᠤ᠌ ᠪᠠᠨ ᠬᠠᠯᠠᠭᠤᠷᠠᠨ ᠪᠥᠵᠢᠭᠯᠡᠨᠡ
ᠬᠠᠶ᠋ᠢᠷᠠᠳᠤ ᠮᠢᠨᠢ ᠂ ᠬᠠᠨᠢ ᠮᠢᠨᠢ ᠰᠣᠯᠤᠩᠭᠠᠨ ᠥᠬᠢᠨ ᠮᠢᠨᠢ
ᠬᠠᠶ᠋ᠢᠷᠠ ᠭᠡᠳᠡᠭ ᠢ ᠣᠶ᠋ᠢᠯᠠᠭᠠᠬᠤ ᠠ᠋ᠴᠠ ᠡᠮᠦᠨᠡ
ᠬᠠᠶ᠋ᠢᠷᠠ ᠶ᠋ᠢᠨ ᠳᠣᠨᠳᠤᠯᠳᠠ ᠳ᠋ᠤ᠌ ᠭᠦᠨ ᠤᠨᠠᠵᠠᠢ
ᠬᠠᠮᠤᠭ ᠶᠢᠷᠲᠢᠨᠴᠦ ᠶ᠋ᠢ ᠲᠤᠶᠠᠭᠠᠷᠠᠭᠤᠯᠤᠭᠰᠠᠨ
ᠢᠨᠢᠶᠡᠮᠰᠦᠭᠯᠡᠯ ᠳ᠋ᠦ᠍ ᠴᠢᠨᠢ ᠤᠶᠠᠷᠠᠵᠠᠢ
ᠬᠠᠷᠠᠴᠠ ᠬᠠᠷᠠᠴᠠᠨ ᠳ᠋ᠤ᠌ ᠪᠠᠨ ᠲᠣᠳᠤᠷᠠᠭᠰᠠᠨ
ᠠᠷᠢᠭᠤᠬᠠᠨ ᠬᠠᠶ᠋ᠢᠷᠠᠨ ᠳ᠋ᠠᠭᠠᠨ ᠬᠠᠯᠠᠭᠤᠷᠠᠵᠠᠢ
ᠪᠤᠷᠮᠠ ᠶ᠋ᠢᠨ ᠠᠮᠳᠠᠳᠠᠢ ᠦᠭᠡᠰ ᠢᠶ᠋ᠡᠨ ᠴᠤᠭᠯᠠᠭᠤᠯᠵᠤ ᠬᠥᠭᠵᠢᠶᠡᠨᠲᠦ ᠳᠠᠭᠤᠨ ᠳ᠋ᠤ᠌ ᠪᠠᠨ ᠳᠥᠷᠥᠭᠡᠯᠡᠨ ᠬᠡᠷᠡᠭᠯᠡᠵᠦ
ᠪᠣᠰᠤᠭᠠ ᠮᠣᠩᠭᠣᠯ ᠤᠨ ᠤᠭᠰᠠᠭᠠ ᠶ᠋ᠢ ᠵᠠᠯᠭᠠᠵᠤ
ᠬᠦᠬᠡ ᠲᠡᠭᠷᠢ ᠶ᠋ᠢᠨ ᠢᠶ᠋ᠠᠨ ᠳᠣᠣᠷᠠ ᠵᠢᠷᠭᠠᠨᠠ
ᠪᠠᠶ᠋ᠢᠳᠠᠭ ᠬᠠᠶ᠋ᠢᠷᠠ ᠶ᠋ᠢᠨ ᠳᠠᠭᠤᠤ ᠪᠡᠨ ᠴᠢᠮᠠ ᠳ᠋ᠠᠭᠠᠨ
ᠪᠣᠷᠣᠬᠠᠨ ᠵᠢᠷᠦᠬᠡ ᠮᠢᠨᠢ ᠬᠡᠵᠢᠶᠡᠳᠡ ᠴᠢᠮᠠ ᠳ᠋ᠠᠭᠠᠨ
ᠰᠤᠪᠤᠳ ᠴᠠᠭᠠᠨ ᠭᠠᠷ ᠢ ᠴᠢᠨᠢ ᠠᠳᠬᠤᠨ
ᠬᠣᠷᠸᠠ ᠵᠢ ᠪᠠᠶᠠᠰᠤᠳᠠᠯᠠ ᠪᠥᠵᠢᠭᠯᠡᠨᠡ
ᠬᠠᠶ᠋ᠢᠷᠠᠳᠤ ᠮᠢᠨᠢ ᠴᠢ ᠮᠢᠨᠤ ᠰᠣᠯᠣᠩᠭᠠ ᠥᠬᠢᠨ
ᠭᠠᠷ ᠢ ᠮᠢᠨᠢ ᠠᠳᠬᠤᠭᠠᠴᠢ ᠬᠠᠵᠠᠭᠤ ᠳ᠋ᠤ᠌ ᠮᠢᠨᠢ ᠣᠶ᠋ᠢᠷᠠᠳᠤᠭᠠᠴᠢ
ᠬᠣᠶᠠᠭᠤᠯᠠ ᠡᠨᠡ ᠯᠡ ᠴᠡᠩᠭᠡᠯ ᠦᠨ ᠣᠷᠣᠨ ᠳ᠋ᠠᠭᠠᠨ
ᠬᠠᠶ᠋ᠢᠷᠠᠨ ᠳ᠋ᠤ᠌ ᠪᠠᠨ ᠬᠠᠯᠠᠭᠤᠷᠠᠨ ᠪᠥᠵᠢᠭᠯᠡᠨᠡ
ᠬᠠᠶ᠋ᠢᠷᠠᠳᠤ ᠮᠢᠨᠢ ᠴᠢ ᠮᠢᠨᠤ ᠰᠣᠯᠣᠩᠭᠠ ᠥᠬᠢᠨ
ᠭᠠᠷ ᠢ ᠮᠢᠨᠢ ᠠᠳᠬᠤᠭᠠᠴᠢ ᠬᠠᠵᠠᠭᠤ ᠳ᠋ᠤ᠌ ᠮᠢᠨᠢ ᠣᠶ᠋ᠢᠷᠠᠳᠤᠭᠠᠴᠢ
ᠬᠣᠶᠠᠭᠤᠯᠠ ᠡᠨᠡ ᠯᠡ ᠴᠡᠩᠭᠡᠯ ᠦᠨ ᠣᠷᠣᠨ ᠳ᠋ᠠᠭᠠᠨ