作词 : BKname
作曲 : BKname
编曲 : BKname
ᠰᠡᠳᠬᠢᠯ ᠳᠣᠲᠣᠷ ᠬᠠᠷᠠᠩᠭᠤᠢ ᠪᠣᠳᠣᠯ ᠡᠭᠦᠨ ᠡᠴᠡ ᠡᠯᠭᠦᠭᠡᠰᠦᠲᠡᠢ
ᠰᠡᠷᠡᠭᠦᠨ ᠰᠠᠯᠬᠢ ᠡ ᠡᠭᠦᠯᠡᠨ ᠬᠡᠷᠢᠶᠡ ᠨᠢᠰᠴᠦ ᠶᠠᠪᠤᠬᠤ ᠤᠪᠠᠳᠢᠰ ᠲᠠᠢ
ᠬᠡᠵᠢᠶᠡ ᠬᠠᠭᠠᠨ ᠠ᠋ᠴᠠ ᠲᠡᠭᠦᠨ ᠢ᠋ ᠡᠷᠢᠵᠦ ᠣᠯᠬᠤ ᠭᠡᠵᠦ ᠭᠠᠵᠠᠷ ᠪᠠᠢᠳᠠᠭ ᠦᠭᠡᠢ
ᠬᠡᠭᠡᠷ ᠦ᠋ᠨ ᠭᠠᠯ ᠰᠢᠭ᠋ ᠰᠢᠷᠦᠭᠦᠨ ᠰᠠᠯᠬᠢᠨ ᠳ᠋ᠤ᠌ ᠬᠡᠵᠢᠶᠡ ᠴᠦ᠍ ᠪᠢ ᠤᠨᠲᠠᠷᠠᠳᠠᠭ ᠦᠭᠡᠢ
ᠮᠢᠨᠦ ᠨᠢᠳᠦᠨ ᠦ᠌ ᠡᠮᠦᠨᠡ ᠪᠠᠢᠭᠠ ᠣᠯᠠᠨ ᠵᠦᠢᠯ ᠳ᠋ᠦ᠍ ᠪᠦᠬᠦᠨ
ᠡᠭᠦᠯᠡᠨ ᠳᠣᠲᠣᠷᠠ ᠪᠠᠯᠠᠷᠠᠭᠰᠠᠨ ᠰᠢᠭ ᠪᠦᠷᠦᠯᠵᠡᠨ
ᠡᠭᠦᠳᠡᠨ ᠭᠠᠳᠠᠨᠠ ᠭᠠᠯ ᠭᠠᠷᠤᠭᠰᠠᠨ ᠰᠢᠭ᠋ ᠠᠮᠢᠳᠤᠷᠠᠯ ᠶ᠋ᠢ
ᠦᠦᠷ ᠢ᠋ᠶ᠋ᠡᠷ ᠪᠢ ᠪᠦᠷ ᠢ᠋ ᠬᠠᠶᠠᠭᠠᠳ ᠭᠠᠷᠤᠭᠠᠳ ᠭᠦᠶᠦᠭᠰᠡᠨ
ᠥᠴᠥᠭᠡᠳᠦᠷ ᠦ᠋ᠨ ᠮᠢᠨᠦ ᠤᠷᠤᠰᠴᠤ ᠪᠠᠢᠭᠰᠠᠨ ᠬᠦᠴᠦ ᠬᠥᠯᠥᠰ
ᠥᠨᠥᠳᠥᠷ ᠦ᠋ᠨ ᠨᠢᠯᠪᠤᠰᠤ ᠲᠠᠢ ᠴᠣᠭ ᠨᠡᠢᠯᠡᠭᠰᠡᠨ
ᠥᠩᠭᠡ ᠥᠩᠭᠡ ᠶ᠋ᠢ ᠶᠢᠷᠲᠢᠨᠴᠦ ᠳ᠋ᠦ᠍ ᠪᠢ ᠬᠥᠯ ᠨᠤᠭᠤᠷᠠᠭᠠ ᠦᠭᠡᠢ
ᠥᠰᠢᠶᠡ ᠠᠪᠤᠭᠴᠢ ᠬᠥᠮᠦᠨ ᠪᠢ ᠪᠣᠯᠵᠤ ᠳᠡᠢᠯᠦᠭᠰᠡᠨ ᠥᠬᠡᠢ
ᠨᠠᠮᠠ ᠶ᠋ᠢ ᠬᠠᠶᠠᠭᠠᠳ ᠴᠠᠭᠠᠰᠢ ᠪᠠᠨ ᠶᠠᠪᠤᠭᠰᠠᠨ ᠲᠡᠷᠡ ᠬᠥᠮᠦᠨ ᠳ᠋ᠦ᠍
ᠵᠡᠭᠦᠳᠡᠨ ᠳ᠋ᠡᠭᠡᠨ ᠪᠢ ᠲᠡᠭᠦᠨ ᠲᠡᠢ ᠴᠣᠭ ᠪᠠᠢᠭᠰᠠᠨ
ᠭᠡᠪᠡᠴᠦ ᠣᠳᠣ ᠴᠤ᠌ ᠵᠡᠭᠦᠳᠦ ᠰᠡᠷᠢᠭᠰᠡᠨ ᠲᠡᠷᠡ ᠬᠥᠮᠦᠨ ᠳ᠋ᠦ᠍ ᠪᠡᠨ
ᠵᠥᠩᠨᠡᠯ ᠦᠭᠡ ᠦ᠋ᠳ ᠪᠠᠶᠠᠷ ᠲᠠᠢ ᠭᠡᠵᠦ ᠬᠡᠯᠡᠭᠰᠡᠨ
ᠴᠠᠭᠠᠨ ᠤᠰᠤᠨ ᠳ᠋ᠤ᠌ ᠲᠡᠯᠴᠢᠯᠡᠭᠰᠡᠨ ᠮᠢᠨᠦ ᠮᠥᠷᠥᠭᠡᠳᠦᠯ
ᠲᠡᠭᠦᠨ ᠳ᠋ᠡᠭᠡᠨ ᠠᠯᠢᠪᠠ ᠪᠦᠬᠦᠨ ᠢ᠋ᠶ᠋ᠡᠨ ᠴᠥᠮ ᠦᠭᠡ ᠦ᠋ᠳ
ᠲᠡᠭᠦᠨ ᠢ᠋ ᠢᠯᠠᠭᠰᠠᠨ ᠦᠭᠡᠢ ᠲᠡᠭᠦᠨ ᠢ᠋ ᠴᠢᠳᠠᠭᠰᠠᠨ ᠦᠭᠡᠢ
ᠭᠡᠪᠡᠴᠦ ᠪᠢ ᠬᠠᠷᠢᠨ ᠥᠪᠡᠷ ᠦ᠋ᠨ ᠪᠡᠶᠡ ᠪᠡᠨ ᠮᠠᠷᠲᠠᠭᠰᠠᠨ ᠦᠭᠡᠢ
ᠥ ᠦᠭᠡᠢ ᠪᠠᠢᠬᠤ ᠠ᠂ ᠪᠢ ᠥᠪᠡᠷ ᠦ᠋ᠨ ᠪᠡᠶᠡ ᠪᠡᠨ ᠶᠠᠭᠤᠨ ᠠ᠋ᠴᠠ ᠨᠢᠭᠤᠭᠰᠠᠨ ᠪᠣᠢ
ᠥ ᠦᠭᠡᠢ ᠪᠠᠢᠬᠤ ᠠ᠂ ᠪᠢ ᠭᠠᠭᠴᠠᠭᠠᠷ ᠢ᠋ᠶ᠋ᠠᠨ ᠶᠠᠪᠤᠬᠤ ᠭᠡᠵᠦ ᠪᠣᠳᠣᠭᠰᠠᠨ ᠦᠭᠡᠢ
ᠥ ᠦᠭᠡᠢ ᠪᠠᠢᠬᠤ ᠠ᠂ ᠪᠢ ᠥᠪᠡᠷ ᠦ᠋ᠨ ᠪᠡᠶᠡ ᠪᠡᠨ ᠶᠠᠭᠤᠨ ᠠ᠋ᠴᠠ ᠨᠢᠭᠤᠭᠰᠠᠨ ᠪᠣᠢ
ᠥ ᠦᠭᠡᠢ ᠪᠠᠢᠬᠤ ᠠ᠂ ᠪᠢ ᠭᠠᠭᠴᠠᠭᠠᠷ ᠢ᠋ᠶ᠋ᠠᠨ ᠶᠠᠪᠤᠬᠤ ᠭᠡᠵᠦ ᠪᠣᠳᠣᠭᠰᠠᠨ ᠦᠭᠡᠢ
ᠨᠠᠮᠠ ᠢ ᠵᠢᠭᠠᠭᠰᠠᠨ ᠵᠦᠢᠯ ᠦ᠋ᠳ ᠢ᠋ ᠪᠢ ᠥᠪᠡᠷ ᠦ᠋ᠨ ᠭᠡᠰᠡᠨ ᠪᠣᠳᠣᠯ ᠢ᠋ᠶ᠋ᠠᠷ ᠢ᠋ᠶ᠋ᠠᠨ
ᠰᠦᠢᠳᠬᠡᠵᠦ ᠳᠡᠢᠯᠬᠦ ᠥᠬᠡᠢ᠂ ᠴᠠᠭ ᠮᠥᠴᠡ ᠶᠠᠭᠤ ᠶ᠋ᠢ ᠴᠦ᠍ ᠪᠢ ᠥᠪᠡᠷ ᠦ᠋ᠨ ᠭᠡᠰᠡᠨ ᠪᠣᠳᠣᠭ ᠢ᠋ᠶ᠋ᠠᠷ ᠢ᠋ᠶ᠋ᠠᠨ
ᠶᠠᠭᠠᠬᠢᠵᠤ ᠬᠢᠨᠡ ᠭᠡᠪᠡᠯ ᠲᠡᠭᠡᠵᠦ ᠬᠢᠨᠡ ᠶᠠᠭ ᠯᠠ ᠰᠠᠯᠬᠢ ᠰᠢᠭ᠋ ᠬᠢᠨᠡ
ᠥᠪᠡᠷ ᠦ᠋ᠨ ᠭᠡᠰᠡᠨ ᠵᠣᠷᠢᠭ ᠢ᠋ᠶ᠋ᠠᠷ ᠢ᠋ᠶ᠋ᠠᠨ ᠪᠢ ᠲᠡᠭᠦᠰᠬᠡᠯ ᠦᠭᠡᠢ ᠡᠬᠢᠯᠡᠯᠲᠡ ᠶ᠋ᠢ ᠬᠢᠨᠡ᠃
ᠬᠣᠶᠠᠷ ᠵᠢᠯ ᠦ᠋ᠨ ᠡᠮᠦᠨᠡᠬᠢ ᠲᠦᠷ ᠮᠥᠴᠡ ᠳ᠋ᠦ᠍ ᠬᠣᠶᠠᠷ ᠬᠥᠮᠦᠨ ᠳᠡᠯᠡᠬᠡᠢ ᠳ᠋ᠦ᠍ ᠴᠣᠭ ᠪᠠᠢᠬᠤ ᠰᠠᠨ᠃
ᠭᠡᠪᠡᠴᠦ ᠣᠳᠣ ᠵᠡᠭᠦᠨ ᠪᠠᠷᠠᠭᠤᠨ ᠭᠡᠵᠦ ᠬᠤᠪᠢᠶᠠᠨ
ᠵᠢᠷᠦᠬᠡ ᠬᠠᠭᠠᠴᠠᠨ ᠵᠦᠭ ᠵᠦᠭ ᠲᠦ᠍ ᠪᠡᠨ ᠶᠠᠪᠤᠭᠰᠠᠨ᠃
ᠬᠠᠷᠠ ᠴᠠᠭᠠᠨ ᠨᠡᠢᠯᠡᠭᠰᠡᠨ ᠡᠨᠡ ᠬᠣᠷᠸᠠ ᠳ᠋ᠤ᠌ ᠬᠠ ᠶᠠ ᠠᠮᠢᠳᠤᠷᠠᠯ ᠳ᠋ᠤ᠌ ᠪᠠᠨ ᠭᠣᠮᠣᠳᠠᠨᠠ
ᠬᠠᠷᠢᠨ ᠣᠳᠣ ᠪᠦᠬᠦᠨ ᠢ ᠪᠢ ᠮᠠᠷᠲᠠᠵᠤ ᠪᠥᠬᠥᠢᠭᠰᠡᠨᠭᠠᠷ ᠳᠡᠭᠡᠷᠡ ᠴᠣᠭ ᠨᠡᠮᠨᠡᠨᠡ
ᠥ ᠦᠭᠡᠢ ᠪᠠᠢᠬᠤ ᠠ᠂ ᠪᠢ ᠥᠪᠡᠷ ᠦ᠋ᠨ ᠪᠡᠶᠡ ᠪᠡᠨ ᠶᠠᠭᠤᠨ ᠠ᠋ᠴᠠ ᠨᠢᠭᠤᠭᠰᠠᠨ ᠪᠣᠢ
ᠥ ᠦᠭᠡᠢ ᠪᠠᠢᠬᠤ ᠠ᠂ ᠪᠢ ᠭᠠᠭᠴᠠᠭᠠᠷ ᠢ᠋ᠶ᠋ᠠᠨ ᠶᠠᠪᠤᠬᠤ ᠭᠡᠵᠦ ᠪᠣᠳᠣᠭᠰᠠᠨ ᠦᠭᠡᠢ