作词 : APEXBAOBAO
作曲 : MEGA
录混:APEXBAOBAO
封面:APEXBAOBAO
ᠵᠠᠮ ᠢ ᠭᠡᠷᠡᠯᠳᠦᠭᠦᠯ ᠵᠠᠮ ᠢ ᠭᠡᠷᠡᠯᠳᠦᠭᠦᠯ
ᠵᠠᠮ ᠢ ᠭᠡᠷᠡᠯᠳᠦᠭᠦᠯ ᠵᠠᠮ ᠢ ᠭᠡᠷᠡᠯᠳᠦᠭᠦᠯ
ᠶᠠᠭ ᠴᠠᠭ ᠪᠦᠷᠢ ᠪᠡᠯᠡᠬᠡᠨ ᠪᠠᠢᠷᠢᠯᠠᠭᠰᠠᠨ
ᠪᠤᠳᠤᠯ ᠴᠠᠭᠠᠨᠠ ᠬᠠᠲᠠᠭᠤ ᠪᠠᠰᠠ ᠲᠥᠯᠥᠪᠳᠡᠭᠰᠡᠨ
ᠶᠠᠷᠢᠬᠤ ᠦᠭᠡ ᠤᠯᠠᠨ ᠪᠠᠢᠨᠠ ᠬᠠᠳᠠᠭᠳᠠᠭᠰᠠᠨ
ᠬᠢᠯᠢᠩ ᠪᠤᠬᠢᠨᠢᠳᠦᠯ ᠤᠷᠭᠢᠯᠤᠵᠤ ᠪᠤᠷᠭᠢᠯᠤᠭᠰᠠᠨ
ᠨᠢᠯᠪᠤᠰᠤ ᠵᠢᠷᠦᠬᠡᠨ ᠳ᠋ᠦ ᠲᠤᠰᠤᠯᠠᠵᠤ ᠮᠥᠰᠦᠵᠢᠭᠰᠡᠨ
ᠪᠤᠳᠤᠯ ᠬᠦᠨᠳᠦ ᠵᠤᠷᠢᠭ ᠴᠤᠯᠠ ᠬᠠᠲᠠᠭᠤᠵᠢᠭᠰᠠᠨ
ᠦᠵᠡᠯ ᠪᠠᠲᠦ ᠢᠷᠡᠭᠡᠳᠦᠢ ᠪᠠᠯᠠᠷᠠᠭᠰᠠᠨ
ᠴᠢᠰᠦ ᠪᠤᠴᠠᠯᠤᠵᠤ ᠨᠠᠷᠠ ᠨᠢ ᠨᠠᠷᠠᠯᠠᠭᠰᠠᠨ
ᠦᠨᠳᠦᠰᠦ ᠮᠦᠴᠢᠷ ᠢ ᠨᠢ ᠤᠭ ᠠᠴᠠ ᠨᠢ ᠳᠠᠰᠦᠯᠠᠳᠠᠭ ᠦᠭᠡᠢ
ᠮᠠᠭᠤ ᠰᠠᠨᠠᠭᠠᠨ ᠳ᠋ᠦ ᠰᠦᠷᠳᠡᠵᠦ ᠪᠠᠭᠤᠵᠤ ᠶᠠᠷᠦ ᠠᠴᠠ ᠨᠢ ᠥᠭᠳᠡᠭ ᠦᠭᠡᠢ
ᠪᠤᠷᠤᠭᠤ ᠵᠦᠭ ᠦᠨ ᠵᠢᠭᠠᠯᠳᠠ ᠨᠠᠳᠠᠳᠤ ᠬᠡᠷᠡᠭ ᠦᠭᠡᠢ
ᠪᠤᠳᠤᠯ ᠲᠥᠭᠡᠷᠢᠭᠦᠯᠬᠦ ᠤᠬᠠᠭᠠᠨ ᠶᠠᠷᠦ ᠨᠢ ᠨᠡᠮᠡᠷᠢ ᠦᠭᠡᠢ
ᠤᠷᠤᠭᠤᠳᠠᠭᠰᠠᠨ ᠲᠠᠨᠢᠯᠳᠠ ᠳᠤᠤᠷᠠᠰᠢ ᠤᠯᠠᠨ ᠳ᠋ᠦ ᠠᠰᠢᠭ ᠦᠭᠡᠢ
ᠨᠠᠷᠠᠯᠠᠭ ᠶᠢᠷᠳᠢᠨᠴᠤ ᠨᠠᠳᠠ ᠠᠴᠠ ᠶᠠᠷᠦ ᠨᠢ ᠬᠤᠯᠠᠳᠠᠭᠠ ᠦᠭᠡᠢ
ᠵᠠᠮ ᠢ ᠭᠡᠷᠡᠯᠳᠦᠭᠦᠯ ᠵᠠᠮ ᠢ ᠭᠡᠷᠡᠯᠳᠦᠭᠦᠯ
ᠤᠷᠤᠭᠰᠢ ᠵᠠᠮ ᠳᠠᠭᠠᠨ ᠲᠠᠢᠪᠤᠩ ᠠᠯᠬᠤᠨᠠ
ᠵᠠᠮ ᠢ ᠭᠡᠷᠡᠯᠳᠦᠭᠦᠯ ᠵᠠᠮ ᠢ ᠭᠡᠷᠡᠯᠳᠦᠭᠦᠯ
ᠵᠤᠷᠢᠭᠰᠠᠨ ᠵᠦᠭ ᠲᠡᠬᠡᠨ ᠴᠢᠭᠯᠡᠨᠡ ᠶᠧ
ᠴᠠᠭ ᠢ ᠵᠠᠪᠳᠦᠨ ᠮᠦᠴᠡ ᠪᠦᠷᠢ ᠰᠡᠳᠬᠢᠨᠡ
ᠮᠦᠩᠭᠦ ᠶᠢ ᠤᠯᠤᠨᠠ ᠠᠯᠦᠰ ᠢ ᠪᠠᠳᠦᠳᠬᠠᠨᠠ
ᠠᠶᠠᠯᠠᠭᠰᠠᠨ ᠵᠠᠮ ᠤᠨ ᠤᠷᠳᠦ ᠠᠮᠵᠢᠯᠳᠠ ᠬᠠᠷᠠᠭᠳᠠᠳᠠᠭ
ᠦᠭᠦᠯᠡᠭᠰᠡᠨ ᠵᠢᠯ ᠦᠨ ᠬᠤᠭᠤᠴᠠᠭᠠ ᠬᠤᠭᠤᠯᠠᠢ ᠠᠮᠠᠷᠠᠳᠠᠭ
HIP HOP ᠮᠢᠨᠤ ᠠᠮᠢ ᠭᠠᠷᠴᠠᠭᠠ ᠦᠭᠡᠢ
HIP HOP ᠮᠢᠨᠤ ᠵᠠᠮ ᠶᠠᠷᠢᠶᠠᠨ ᠦᠭᠡᠢ
ᠭᠠᠯᠵᠠᠭᠤ rap ᠶᠢᠷᠳᠢᠨᠴᠤ ᠳ᠋ᠦ ᠤᠪᠤᠷ ᠰᠠᠭᠰᠠᠭᠤ
ᠲᠠᠩᠰᠤᠭ ᠤᠷᠴᠢᠨ ᠳ᠋ᠦ ᠲᠠᠢᠪᠥᠩ ᠠᠮᠦᠭᠤᠯᠠᠩ
ᠵᠤᠷᠢᠭ ᠪᠠᠲᠦ ᠪᠤᠯ ᠠᠮᠢᠳᠦᠷᠠᠯ ᠤᠨ ᠵᠦᠭᠯᠡᠭᠦᠷ
ᠤᠬᠠᠭᠠᠨ ᠲᠤᠳᠦ ᠪᠤᠯ ᠤᠶᠤᠨ ᠤ ᠲᠥᠯᠬᠢᠭᠦᠷ
ᠮᠠᠭᠳᠠᠭᠠᠯ ᠦᠭᠡᠨ ᠳ᠋ᠦ ᠬᠤᠳᠠᠯ ᠢᠶᠠᠷ ᠪᠢ ᠬᠥᠭᠡᠷᠡᠭᠡ ᠦᠭᠡᠢ
ᠬᠤᠭᠤᠰᠤᠨ ᠦᠭᠡ ᠪᠡᠷ ᠬᠤᠷᠸᠠ ᠶᠢ ᠪᠢ ᠬᠠᠭᠤᠷᠠᠭᠠ ᠦᠭᠡᠢ
ᠵᠠᠮ ᠢ ᠭᠡᠷᠡᠯᠳᠦᠭᠦᠯ ᠵᠠᠮ ᠢ ᠭᠡᠷᠡᠯᠳᠦᠭᠦᠯ
ᠤᠷᠤᠭᠰᠢ ᠵᠠᠮ ᠳᠠᠭᠠᠨ ᠲᠠᠢᠪᠤᠩ ᠠᠯᠬᠤᠨᠠ
ᠵᠠᠮ ᠢ ᠭᠡᠷᠡᠯᠳᠦᠭᠦᠯ ᠵᠠᠮ ᠢ ᠭᠡᠷᠡᠯᠳᠦᠭᠦᠯ
ᠵᠤᠷᠢᠭᠰᠠᠨ ᠵᠦᠭ ᠲᠡᠬᠡᠨ ᠴᠢᠭᠯᠡᠨᠡ ᠶᠧ
ᠵᠤᠷᠢᠭᠰᠠᠨ ᠵᠦᠭ ᠲᠡᠬᠡᠨ ᠴᠢᠭᠯᠡᠨᠡ ᠶᠧ