作词 : SLEEPO
作曲 : SLEEPO
ᠬᠠᠶᠢᠷ ᠠᠴᠠ ᠪᠠᠨ ᠶᠠᠭᠤ ᠴᠤ ᠪᠢᠲᠡᠭᠡᠢ ᠨᠢᠭᠤ
ᠬᠠᠮᠤᠭ ᠪᠦᠬᠦᠨ ᠢᠶᠡᠨ ᠲᠡᠭᠦᠨ ᠳᠦ ᠪᠡᠨ ᠨᠡᠭᠡᠭᠡ
ᠭᠠᠭᠴᠠᠬᠠᠨ ᠲᠡᠭᠦᠨ ᠦ ᠲᠥᠯᠥᠭᠡ ᠬᠡᠢ
ᠴᠢᠨᠤ ᠬᠤᠪᠢ ᠳᠤ ᠲᠡᠷᠡ ᠴᠣᠷ ᠤᠨ ᠭᠠᠭᠴᠠ
ᠭᠡᠳᠡᠭ ᠢ ᠲᠡᠭᠦᠨ ᠳᠦ ᠪᠡᠨ ᠮᠡᠳᠡᠷᠡᠭᠦᠯ
ᠴᠢᠮᠡᠭᠡ ᠦᠭᠡᠢ ᠶᠠᠭᠤ ᠴᠤ ᠬᠡᠯᠡᠯ ᠦᠭᠡᠢ
ᠭᠠᠭᠴᠠᠬᠠᠨ ᠲᠡᠭᠦᠨ ᠦ ᠲᠥᠯᠥᠭᠡ ᠬᠡᠢ
ᠴᠢᠨᠤ ᠬᠤᠪᠢ ᠳᠤ ᠲᠡᠷᠡ ᠴᠣᠷ ᠤᠨ ᠭᠠᠭᠴᠠ
ᠭᠡᠳᠡᠭ ᠢ ᠲᠡᠭᠦᠨ ᠳᠦ ᠪᠡᠨ ᠬᠠᠷᠠᠭᠤᠯ
ᠬᠡᠵᠢᠶᠡ ᠨᠢᠭᠡ ᠡᠳᠦᠷ ᠴᠢ ᠬᠦᠨᠳᠦ ᠳᠤᠷᠠᠯᠠᠪᠠᠯ
ᠲᠡᠭᠦᠨ ᠡᠴᠡ ᠪᠡᠨ ᠶᠠᠭᠤ ᠴᠤ ᠪᠤᠤ ᠬᠠᠷᠠᠮᠯᠠᠭᠠᠷᠠᠢ
ᠬᠡᠨ ᠳᠦ ᠴᠤ ᠳᠤᠷᠠᠯᠠᠭᠠ ᠦᠭᠡᠢ ᠪᠡᠷ ᠢᠶᠡᠨ ᠳᠤᠷᠠᠯᠠᠪᠠᠯ
ᠲᠡᠭᠦᠨ ᠢ ᠪᠡᠨ ᠦᠷᠭᠦᠯᠵᠢ ᠬᠠᠶᠢᠷᠠᠯᠠᠭᠠᠷᠠᠢ
ᠵᠥᠭᠡᠯᠡᠨ ᠤᠷᠤᠭᠤᠯ ᠳᠤᠯᠠᠭᠠᠬᠠᠨ ᠬᠠᠷᠠᠴᠠ
ᠵᠥᠪᠬᠡᠨ ᠴᠢᠨᠤᠬᠢ ᠲᠡᠭᠦᠨ ᠳᠦ ᠦᠷᠭᠦᠯᠵᠢ ᠢᠲᠡᠭᠡᠭᠡᠷᠡᠢ
ᠲᠡᠭᠦᠨ ᠢ ᠪᠡᠨ ᠬᠡᠵᠢᠶᠡ ᠴᠤ ᠪᠤᠤ ᠭᠣᠮᠣᠳᠠᠭᠠᠭᠠᠷᠠᠢ
ᠲᠡᠭᠦᠨ ᠡᠴᠡ ᠪᠡᠨ
ᠬᠠᠶᠢᠷ ᠠᠴᠠ ᠪᠠᠨ ᠶᠠᠭᠤ ᠴᠤ ᠪᠢᠲᠡᠭᠡᠢ ᠨᠢᠭᠤ
ᠬᠠᠮᠤᠭ ᠪᠦᠬᠦᠨ ᠢᠶᠡᠨ ᠲᠡᠭᠦᠨ ᠳᠦ ᠪᠡᠨ ᠨᠡᠭᠡᠭᠡ
ᠭᠠᠭᠴᠠᠬᠠᠨ ᠲᠡᠭᠦᠨ ᠦ ᠲᠥᠯᠥᠭᠡ ᠬᠡᠢ
ᠴᠢᠨᠤ ᠬᠤᠪᠢ ᠳᠤ ᠲᠡᠷᠡ ᠴᠣᠷ ᠤᠨ ᠭᠠᠭᠴᠠ
ᠭᠡᠳᠡᠭ ᠢ ᠲᠡᠭᠦᠨ ᠳᠦ ᠪᠡᠨ ᠮᠡᠳᠡᠷᠡᠭᠦᠯ
ᠴᠢᠮᠡᠭᠡ ᠦᠭᠡᠢ ᠶᠠᠭᠤ ᠴᠤ ᠬᠡᠯᠡᠯ ᠦᠭᠡᠢ
ᠭᠠᠭᠴᠠᠬᠠᠨ ᠲᠡᠭᠦᠨ ᠦ ᠲᠥᠯᠥᠭᠡ ᠬᠡᠢ
ᠴᠢᠨᠤ ᠬᠤᠪᠢ ᠳᠤ ᠲᠡᠷᠡ ᠴᠣᠷ ᠤᠨ ᠭᠠᠭᠴᠠ
ᠭᠡᠳᠡᠭ ᠢ ᠲᠡᠭᠦᠨ ᠳᠦ ᠪᠡᠨ ᠬᠠᠷᠠᠭᠤᠯ
ᠲᠡᠭᠦᠨ ᠡᠴᠡ ᠪᠡᠨ ᠴᠢ ᠣᠳᠣ ᠶᠠᠭᠤ ᠶᠢ ᠪᠠᠨ ᠴᠤ ᠪᠢᠲᠡᠭᠡᠢ ᠨᠢᠭᠤᠭᠠᠷᠠᠢ
ᠠᠯᠭᠠᠰᠠᠵᠤ ᠬᠠᠷᠢᠨ ᠨᠢᠭᠤᠪᠠᠯ ᠲᠡᠭᠦᠨ ᠳᠦ ᠴᠢᠨᠢ ᠬᠠᠮᠤᠭ ᠤᠨ ᠮᠠᠭᠤ ᠪᠠᠷ ᠢᠶᠠᠨ
ᠬᠠᠯᠠᠮᠵᠢ ᠪᠦᠬᠦᠨ ᠢᠶᠡᠨ ᠪᠦᠭᠦᠳᠡ ᠶᠢᠨ ᠢᠯᠡ ᠭᠠᠷᠭᠠᠵᠤ ᠢᠨᠢᠶᠡᠭᠡᠳ
ᠬᠠᠮᠲᠤ ᠳᠤ ᠪᠠᠨ ᠠᠯᠬᠤᠵᠤ ᠢᠷᠡᠭᠡᠳᠦᠢ ᠪᠡᠨ ᠶᠠᠷᠢᠯᠴᠠᠨ ᠰᠡᠳᠬᠢᠯ ᠢᠶᠡᠨ ᠨᠡᠭᠡᠭᠡ
ᠲᠡᠶᠢᠮᠦ ᠡ ᠬᠠᠷᠢᠯᠴᠠᠨ ᠰᠡᠳᠬᠢᠯ ᠢᠶᠡᠨ
ᠲᠡᠭᠦᠨ ᠳᠦ ᠪᠡᠨ ᠨᠡᠭᠡᠭᠡ ᠲᠡᠭᠦᠨ ᠳᠦ ᠢᠯᠡᠭᠡ
ᠴᠢ ᠬᠠᠶᠢᠷᠠᠲᠠᠢ ᠭᠡᠳᠡᠭ ᠢᠶᠡᠨ ᠲᠡᠭᠦᠨ ᠳᠦ ᠪᠡᠨ
ᠴᠢᠮᠡᠭᠡ ᠦᠭᠡᠢ ᠶᠠᠷᠢᠯ ᠦᠭᠡᠢ
ᠬᠡᠯᠡᠯ ᠦᠭᠡᠢ ᠮᠡᠳᠡᠷᠡᠭᠦᠯᠦᠭᠡᠷᠡᠢ
ᠬᠠᠮᠤᠭ ᠪᠦᠬᠦᠨ ᠢᠶᠡᠨ ᠲᠡᠭᠦᠨ ᠳᠦ ᠪᠡᠨ ᠵᠣᠷᠢᠭᠤᠯᠤᠭᠠᠳ
ᠬᠠᠶᠢᠷᠠ ᠪᠠᠨ ᠢᠯᠡᠭᠡᠭᠡᠷᠡᠢ
ᠬᠠᠷᠠᠴᠠ ᠪᠠᠷ ᠢᠶᠠᠨ ᠶᠠᠷᠢᠯᠴᠠᠵᠤ ᠬᠠᠶᠢᠷᠠᠨ ᠳᠤ ᠪᠠᠨ ᠠᠭᠤᠰᠤᠯᠴᠠᠵᠤ
ᠬᠠᠷᠪᠤᠬᠤ ᠣᠳᠣᠨ ᠳᠤ ᠬᠦᠰᠡᠯ ᠪᠦᠷᠢᠶᠡ ᠪᠣᠳᠣᠨ ᠴᠢᠮᠠ ᠲᠠᠢ ᠰᠢᠪᠡᠨᠡᠯᠴᠡᠵᠦ
ᠬᠠᠷᠠᠩᠭᠤᠢ ᠳᠤ ᠴᠤ ᠭᠠᠷ ᠢᠶᠠᠨ ᠲᠠᠯᠪᠢᠯ ᠦᠭᠡᠢ ᠤᠷᠤᠭᠰᠢᠯᠠᠵᠤ ᠶᠠᠪᠤ
ᠬᠠᠭᠠᠴᠠᠵᠤ ᠴᠢᠳᠠᠬᠤ ᠦᠭᠡᠢ ᠪᠣᠯ ᠲᠡᠭᠦᠨ ᠦ ᠪᠡᠨ ᠠᠷᠤ ᠠᠴᠠ ᠳᠠᠭᠠᠭᠠᠳ ᠶᠠᠪᠤ
ᠬᠠᠮᠲᠤ ᠳᠤ ᠪᠠᠨ ᠡᠮᠡᠭᠡ ᠡᠪᠦᠭᠡ ᠪᠣᠯᠲᠠᠯᠠ ᠪᠠᠨ
ᠬᠥᠭᠰᠢᠷᠡᠭᠰᠡᠨ ᠴᠤ ᠭᠠᠷ ᠭᠠᠷᠠᠨ ᠠᠴᠠ ᠪᠠᠨ ᠠᠳᠬᠤᠭᠠ ᠳᠤ
ᠬᠥᠲᠥᠯᠦᠭᠰᠡᠨ ᠴᠢᠭ ᠢᠶᠡᠷ ᠢᠶᠡᠨ ᠡᠨᠡ ᠬᠡᠪ ᠢᠶᠡᠷ ᠢᠶᠡᠨ
ᠬᠠᠶᠢᠷᠠᠲᠠᠢ ᠲᠡᠭᠦᠨ ᠦ ᠪᠡᠨ ᠳᠡᠷᠭᠡᠳᠡ ᠡᠴᠡ
ᠬᠡᠵᠢᠶᠡ ᠴᠤ ᠪᠤᠤ ᠬᠣᠯᠠᠳᠠ
ᠬᠠᠶᠢᠷ ᠠᠴᠠ ᠪᠠᠨ ᠶᠠᠭᠤ ᠴᠤ ᠪᠢᠲᠡᠭᠡᠢ ᠨᠢᠭᠤ
ᠬᠠᠮᠤᠭ ᠪᠦᠬᠦᠨ ᠢᠶᠡᠨ ᠲᠡᠭᠦᠨ ᠳᠦ ᠪᠡᠨ ᠨᠡᠭᠡᠭᠡ
ᠭᠠᠭᠴᠠᠬᠠᠨ ᠲᠡᠭᠦᠨ ᠦ ᠲᠥᠯᠥᠭᠡ ᠬᠡᠢ
ᠴᠢᠨᠤ ᠬᠤᠪᠢ ᠳᠤ ᠲᠡᠷᠡ ᠴᠣᠷ ᠤᠨ ᠭᠠᠭᠴᠠ
ᠭᠡᠳᠡᠭ ᠢ ᠲᠡᠭᠦᠨ ᠳᠦ ᠪᠡᠨ ᠮᠡᠳᠡᠷᠡᠭᠦᠯ
ᠴᠢᠮᠡᠭᠡ ᠦᠭᠡᠢ ᠶᠠᠭᠤ ᠴᠤ ᠬᠡᠯᠡᠯ ᠦᠭᠡᠢ
ᠭᠠᠭᠴᠠᠬᠠᠨ ᠲᠡᠭᠦᠨ ᠦ ᠲᠥᠯᠥᠭᠡ ᠬᠡᠢ
ᠴᠢᠨᠤ ᠬᠤᠪᠢ ᠳᠤ ᠲᠡᠷᠡ ᠴᠣᠷ ᠤᠨ ᠭᠠᠭᠴᠠ
ᠭᠡᠳᠡᠭ ᠢ ᠲᠡᠭᠦᠨ ᠳᠦ ᠪᠡᠨ ᠬᠠᠷᠠᠭᠤᠯ
ᠲᠡᠭᠦᠨ ᠦ ᠳᠡᠷᠭᠡᠳᠡ ᠪᠠᠶᠢᠬᠤ ᠳᠤ ᠪᠠᠨ ᠵᠢᠷᠭᠠᠯ ᠢ ᠮᠡᠳᠡᠷᠡᠨᠡ
ᠥᠭᠡᠷᠡ ᠬᠠᠮᠢᠭᠠ ᠠᠴᠠ ᠴᠤ ᠮᠡᠳᠡᠷᠡᠭᠡ ᠦᠭᠡᠢ ᠶᠢ
ᠲᠡᠷᠡ ᠠᠵᠠ ᠵᠢᠷᠭᠠᠯ ᠢ ᠪᠠᠰᠠ ᠪᠢ ᠴᠢᠮᠠ ᠳᠤ ᠢᠯᠡᠭᠡᠨᠡ
ᠥᠭᠡᠷᠡ ᠬᠡᠨ ᠨᠢᠭᠡᠨ ᠡᠴᠡ ᠢᠷᠦᠭᠡ ᠦᠭᠡᠢ ᠶᠢ
ᠨᠠᠳᠠ ᠲᠠᠢ ᠪᠠᠶᠢᠬᠤ ᠪᠠᠷ ᠢᠶᠠᠨ ᠴᠢ ᠵᠢᠷᠭᠠᠯ ᠲᠠᠢ ᠪᠠᠶᠢᠳᠠᠭ ᠤᠤ
ᠴᠢᠮᠠ ᠲᠠᠢ ᠯᠠ ᠪᠠᠶᠢᠬᠤ ᠪᠠᠷ ᠢᠶᠠᠨ ᠪᠢ ᠥᠪᠡᠷ ᠦᠨ ᠬᠢ ᠪᠡᠷ ᠢᠶᠡᠨ ᠪᠠᠶᠢᠳᠠᠭ
ᠬᠠᠶᠢᠷ ᠠᠴᠠ ᠪᠠᠨ ᠶᠠᠭᠤ ᠴᠤ ᠪᠢᠲᠡᠭᠡᠢ ᠨᠢᠭᠤ
ᠬᠠᠮᠤᠭ ᠪᠦᠬᠦᠨ ᠢᠶᠡᠨ ᠲᠡᠭᠦᠨ ᠳᠦ ᠪᠡᠨ ᠨᠡᠭᠡᠭᠡ
ᠭᠠᠭᠴᠠᠬᠠᠨ ᠲᠡᠭᠦᠨ ᠦ ᠲᠥᠯᠥᠭᠡ ᠬᠡᠢ
ᠴᠢᠨᠤ ᠬᠤᠪᠢ ᠳᠤ ᠲᠡᠷᠡ ᠴᠣᠷ ᠤᠨ ᠭᠠᠭᠴᠠ
ᠭᠡᠳᠡᠭ ᠢ ᠲᠡᠭᠦᠨ ᠳᠦ ᠪᠡᠨ ᠮᠡᠳᠡᠷᠡᠭᠦᠯ
ᠴᠢᠮᠡᠭᠡ ᠦᠭᠡᠢ ᠶᠠᠭᠤ ᠴᠤ ᠬᠡᠯᠡᠯ ᠦᠭᠡᠢ
ᠭᠠᠭᠴᠠᠬᠠᠨ ᠲᠡᠭᠦᠨ ᠦ ᠲᠥᠯᠥᠭᠡ ᠬᠡᠢ
ᠴᠢᠨᠤ ᠬᠤᠪᠢ ᠳᠤ ᠲᠡᠷᠡ ᠴᠣᠷ ᠤᠨ ᠭᠠᠭᠴᠠ
ᠭᠡᠳᠡᠭ ᠢ ᠲᠡᠭᠦᠨ ᠳᠦ ᠪᠡᠨ ᠬᠠᠷᠠᠭᠤᠯ
ᠬᠠᠮᠤᠭ ᠪᠦᠬᠦᠨ ᠢᠶᠡᠨ ᠲᠡᠭᠦᠨ ᠳᠦ ᠪᠡᠨ ᠨᠡᠭᠡᠭᠡ
ᠭᠠᠭᠴᠠᠬᠠᠨ ᠲᠡᠭᠦᠨ ᠦ ᠲᠥᠯᠥᠭᠡ ᠬᠡᠢ
ᠴᠢᠨᠤ ᠬᠤᠪᠢ ᠳᠤ ᠲᠡᠷᠡ ᠴᠣᠷ ᠤᠨ ᠭᠠᠭᠴᠠ
ᠭᠡᠳᠡᠭ ᠢ ᠲᠡᠭᠦᠨ ᠳᠦ ᠪᠡᠨ ᠮᠡᠳᠡᠷᠡᠭᠦᠯ
ᠴᠢᠮᠡᠭᠡ ᠦᠭᠡᠢ ᠶᠠᠭᠤ ᠴᠤ ᠬᠡᠯᠡᠯ ᠦᠭᠡᠢ
ᠭᠠᠭᠴᠠᠬᠠᠨ ᠲᠡᠭᠦᠨ ᠦ ᠲᠥᠯᠥᠭᠡ ᠬᠡᠢ
ᠴᠢᠨᠤ ᠬᠤᠪᠢ ᠳᠤ ᠲᠡᠷᠡ ᠴᠣᠷ ᠤᠨ ᠭᠠᠭᠴᠠ
ᠭᠡᠳᠡᠭ ᠢ ᠲᠡᠭᠦᠨ ᠳᠦ ᠪᠡᠨ ᠬᠠᠷᠠᠭᠤᠯ