作词 : Чилаажав Х
作曲 : Ишхүү С
ᠡᠷᠬᠡᠯᠡᠭᠡᠳ ᠬᠠᠨᠤᠳᠠᠭ ᠦᠭᠡᠢ ᠵᠢᠷᠦᠬᠡ ᠶ᠋ᠢ ᠴᠢᠨᠢ ᠶᠠᠭᠠᠬᠢᠯᠲᠠᠢ
ᠡᠩᠬᠦᠷᠡᠢ ᠴᠠᠢᠯᠭᠠᠨ ᠪᠦᠰᠡᠭᠦᠢ ᠮᠢᠨᠢ
ᠡᠩᠭᠡᠷ ᠤ᠋ᠨ ᠴᠢᠨᠢ ᠦᠨᠦᠷ ᠢ᠋ ᠮᠠᠷᠲᠠᠵᠤ ᠴᠢᠳᠠᠮᠠ ᠦᠭᠡᠢ
ᠡᠨᠡ ᠯᠡ ᠨᠠᠰᠤ ᠪᠡᠷ ᠢ᠋ᠢᠡᠨ ᠪᠢ ᠭᠤᠨᠢᠵᠤ ᠶᠠᠪᠤᠬᠤ ᠨᠢ ᠳ᠋ᠡ
ᠡ ᠳ᠋ᠡ ᠮᠢᠨᠤ ᠯᠡ ᠡᠩᠬᠦᠷᠡᠢ
ᠡᠶᠡᠯᠳᠡᠭ ᠳᠥᠯᠭᠡᠨ ᠪᠦᠰᠡᠭᠦᠢ ᠮᠢᠨᠢ
ᠳᠤᠲᠠᠭᠤ ᠣᠷᠬᠢᠭᠰᠠᠨ ᠵᠢᠷᠭᠠᠯ ᠢ᠋ᠢᠡᠨ
ᠳᠠᠭᠤᠤ ᠪᠡᠷ ᠢ᠋ᠢᠡᠨ ᠯᠡ ᠪᠢ ᠴᠢᠨᠢ ᠨᠦᠬᠦᠵᠤ ᠶᠠᠪᠤᠬᠤ ᠨᠢ ᠳ᠋ᠡ
ᠠᠰᠭᠠᠷᠠᠭᠠᠳ ᠲᠣᠭᠲᠠᠳᠠᠭ ᠦᠭᠡᠢ ᠨᠢᠯᠪᠤᠰᠤ ᠶ᠋ᠢ ᠴᠢᠨᠢ ᠶᠠᠭᠠᠬᠢᠯᠲᠠᠢ
ᠠᠮᠢᠳᠤᠷᠠᠯ ᠳᠠᠭᠠᠭᠰᠠᠨ ᠪᠦᠰᠡᠭᠦᠢ ᠮᠢᠨᠢ
ᠠᠯᠬᠤᠭᠠ ᠶ᠋ᠢ ᠴᠢᠨᠢ ᠬᠦᠷᠲᠡᠯᠡ ᠮᠠᠷᠲᠠᠵᠤ ᠴᠢᠳᠠᠮᠠ ᠦᠭᠡᠢ
ᠠᠷᠢᠭᠤᠬᠠᠨ ᠳᠤᠷᠠᠯᠠᠯ ᠳ᠋ᠠᠭᠠᠨ ᠰᠢᠲᠠᠵᠤ ᠶᠠᠪᠤᠬᠤ ᠨᠢ ᠳ᠋ᠡ
ᠠᠢ ᠳ᠋ᠡ ᠮᠢᠨᠤ ᠯᠡ ᠡᠩᠬᠦᠷᠡᠢ
ᠠᠶᠠᠯᠭᠤ ᠪᠣᠯᠤᠭᠰᠠᠨ ᠪᠦᠰᠡᠭᠦᠢ ᠮᠢᠨᠢ
ᠠᠮᠰᠠᠭᠠᠳ ᠬᠠᠨᠤᠭᠠ ᠦᠭᠡᠢ ᠵᠢᠷᠭᠠᠯ ᠢ᠋ᠢᠡᠨ
ᠠᠶᠠᠯᠭᠤᠳᠤ ᠳᠠᠭᠤᠤ ᠪᠡᠷ ᠢ᠋ᠢᠡᠨ ᠨᠦᠬᠦᠵᠤ ᠶᠠᠪᠤᠬᠤ ᠨᠢ ᠳ᠋ᠡ
ᠠᠮᠰᠠᠭᠠᠳ ᠬᠠᠨᠤᠭᠠ ᠦᠭᠡᠢ ᠵᠢᠷᠭᠠᠯ ᠢ᠋ᠢᠡᠨ
ᠠᠶᠠᠯᠭᠤᠳᠤ ᠳᠠᠭᠤᠤ ᠪᠡᠷ ᠢ᠋ᠢᠡᠨ ᠨᠦᠬᠦᠵᠤ ᠶᠠᠪᠤᠬᠤ ᠨᠢ ᠳ᠋ᠡ
ᠬᠣᠷᠭᠤᠳᠠᠭᠠᠳ ᠬᠣᠯᠠᠳᠠᠳᠠᠭ ᠦᠭᠡᠢ ᠵᠢᠷᠦᠬᠡ ᠶ᠋ᠢ ᠪᠢ ᠶᠠᠭᠠᠬᠢᠯᠲᠠᠢ
ᠬᠣᠵᠢᠮᠳᠠᠵᠤ ᠢᠷᠡᠭᠰᠡᠨ ᠪᠦᠰᠡᠭᠦᠢ ᠮᠢᠨᠢ
ᠬᠠᠷᠠᠴᠠ ᠪᠠᠨ ᠬᠦᠷᠲᠡᠯᠡ ᠨᠢᠭᠤᠵᠤ ᠬᠠᠢᠷᠠᠯᠠᠭᠰᠠᠨ
ᠬᠠᠲᠠᠭᠤᠬᠠᠨ ᠲᠠᠪᠢᠯᠠᠩ ᠳ᠋ᠠᠭᠠᠨ ᠭᠠᠩᠰᠠᠷᠠᠵᠤ ᠶᠠᠪᠤᠬᠤ ᠨᠢ ᠳ᠋ᠡ
ᠡ ᠳ᠋ᠡ ᠮᠢᠨᠤ ᠯᠡ ᠡᠩᠬᠦᠷᠡᠢ
ᠡᠶᠡᠯᠳᠡᠭ ᠳᠥᠯᠭᠡᠨ ᠪᠦᠰᠡᠭᠦᠢ ᠮᠢᠨᠢ
ᠳᠤᠲᠠᠭᠤ ᠣᠷᠬᠢᠭᠰᠠᠨ ᠵᠢᠷᠭᠠᠯ ᠢ᠋ᠢᠡᠨ
ᠳᠠᠭᠤᠤ ᠪᠡᠷ ᠢ᠋ᠢᠡᠨ ᠯᠡ ᠪᠢ ᠴᠢᠨᠢ ᠨᠦᠬᠦᠵᠤ ᠶᠠᠪᠤᠬᠤ ᠨᠢ ᠳ᠋ᠡ
ᠠᠢ ᠳ᠋ᠡ ᠮᠢᠨᠤ ᠯᠡ ᠡᠩᠬᠦᠷᠡᠢ
ᠠᠶᠠᠯᠭᠤ ᠪᠣᠯᠤᠭᠰᠠᠨ ᠪᠦᠰᠡᠭᠦᠢ ᠮᠢᠨᠢ
ᠠᠮᠰᠠᠭᠠᠳ ᠬᠠᠨᠤᠭᠠ ᠦᠭᠡᠢ ᠵᠢᠷᠭᠠᠯ ᠢ᠋ᠢᠡᠨ
ᠠᠶᠠᠯᠭᠤᠳᠤ ᠳᠠᠭᠤᠤ ᠪᠡᠷ ᠢ᠋ᠢᠡᠨ ᠨᠦᠬᠦᠵᠤ ᠶᠠᠪᠤᠬᠤ ᠨᠢ ᠳ᠋ᠡ