ᠸᠠᠨ ᠯᠢ
ᠬᠣᠷᠴᠢᠨ ᠠᠷᠠᠳ ᠤᠨ ᠳᠠᠭᠤᠤ
ᠠᠩᠬ᠋ᠠ ᠪᠠᠬ᠋ᠠ ᠸᠠᠨ ᠯᠢ ᠭᠡᠲᠡᠭ᠋ ᠴᠢᠨᠢ ᠠᠮᠤᠷ ᠦᠭᠡᠢ ᠰᠦᠨᠡᠰᠦ ᠡ ᠬᠦ᠋
ᠠᠭᠠᠷ ᠲᠩᠷᠢ ᠶ᠋ᠢᠨ ᠭᠤᠷᠪᠠᠨ ᠳᠠᠬᠢᠨᠢ ᠶ᠋ᠢᠨ ᠨᠢᠭᠡ ᠨᠢ ᠭᠡᠨᠡ ᠬᠦ᠋
ᠠᠩᠬ᠋ᠠ ᠪᠠᠬ᠋ᠠ ᠸᠠᠨ ᠯᠢ ᠬᠤᠸᠠᠷ ᠦ᠋ᠨ ᠪᠣᠶᠠᠨᠬᠡᠰᠢᠭ ᠳ᠋ᠠ ᠯᠠᠮᠠ ᠨᠢ
ᠠᠭᠤᠢ ᠰᠦᠮᠡ ᠶ᠋ᠢᠨ ᠨᠠᠶᠠᠨ ᠨᠢᠭᠡᠨ ᠰᠢᠲᠦᠭᠡᠨ ᠪ ᠨᠢᠭᠡ ᠨᠢ ᠭᠡᠨᠡ ᠬᠥ
ᠥᠬᠢᠨ ᠪᠠᠬ᠋ᠠ ᠸᠠᠨ ᠯᠢ ᠭᠡᠲᠡᠭ᠋ ᠴᠢᠨᠢ ᠶᠡᠷᠦ ᠦᠭᠡᠢ ᠰᠦᠨᠡᠰᠦ ᠡ ᠬᠥ
ᠡᠴᠢᠭᠡ ᠲᠩᠷᠢ ᠶ᠋ᠢᠨ ᠭᠤᠷᠪᠠᠨ ᠳᠠᠬᠢᠨᠢ ᠶ᠋ᠢᠨ ᠨᠢᠭᠡ ᠨᠢ ᠭᠡᠨᠡ ᠬᠥ
ᠥᠬᠢᠨ ᠪᠠᠬ᠋ᠠ ᠸᠠᠨ ᠯᠢ ᠬᠤᠸᠠᠷ ᠦ᠋ᠨ ᠪᠣᠶᠠᠨᠬᠡᠰᠢᠭ ᠳ᠋ᠠ ᠯᠠᠮᠠ ᠨᠢ
ᠦᠨᠲᠦᠷ ᠰᠦᠮᠡ ᠶ᠋ᠢᠨ ᠨᠠᠶᠠᠨ ᠨᠢᠭᠡᠨ ᠰᠢᠲᠦᠭᠡᠨ ᠪ ᠨᠢᠭᠡ ᠨᠢ ᠭᠡᠨᠡ ᠬᠥ
ᠵᠠᠭᠠᠲᠠᠯ ᠦᠰᠦ ᠶ᠋ᠢ ᠪᠡᠨ ᠵᠠᠰᠠᠭᠠᠳ ᠲᠡᠭᠡᠭᠰᠡᠨ ᠸᠠᠨ ᠯᠢ ᠵᠠ ᠵᠠ ᠸᠠᠨ ᠯᠢ ᠬᠥ
ᠵᠠᠩᠲᠤᠸᠠᠨ ᠲᠣᠷᠬ᠋ᠠ ᠪᠠᠨ ᠡᠮᠦᠰᠦᠬ᠋ᠰᠡᠨ ᠸᠠᠨ ᠯᠢ ᠵᠠᠰᠠᠯ ᠲᠠᠢ ᠸᠠᠨ ᠯᠢ ᠬᠥ
ᠵᠠᠬᠠ ᠶ᠋ᠢᠨ ᠤᠯᠠᠨ ᠵᠠᠯᠠᠭᠤᠴᠤᠳ ᠨᠢ ᠦᠵᠡᠪᠡᠯ ᠮᠠᠨᠠᠷᠠᠵᠤ ᠤᠨᠠᠮᠠᠷ ᠸᠠᠨ ᠯᠢ ᠬᠥ
ᠵᠠᠭᠠᠯ ᠪᠤᠭᠤᠷᠤᠯ ᠮᠠᠮᠠ ᠨᠢ ᠦᠵᠡᠪᠡᠯ ᠵᠠᠩᠭᠢᠷᠠᠮᠠᠷ ᠸᠠᠨ ᠯᠢ ᠬᠥ
ᠵᠠᠭᠠᠯ ᠪᠤᠭᠤᠷᠤᠯ ᠮᠠᠮᠠ ᠨᠢ ᠦᠵᠡᠪᠡᠯ ᠵᠠᠩᠭᠢᠷᠠᠮᠠᠷ ᠸᠠᠨ ᠯᠢ ᠬᠥ
ᠬᠠᠷᠠ ᠴᠤ ᠦᠰᠦ ᠶ᠋ᠢ ᠪᠡᠨ ᠬᠠᠭᠠᠯᠴᠢᠬᠠᠵᠠᠢ ᠭᠠ ᠭᠠ ᠸᠠᠨ ᠯᠢ ᠬᠥ
ᠬᠠᠨ ᠲᠣᠷᠬ᠋ᠠ ᠪᠠᠨ ᠡᠮᠦᠰᠦᠬ᠋ᠰᠡᠨ ᠸᠠᠨ ᠯᠢ ᠰᠠᠶ᠋ᠢᠬᠠᠨ ᠸᠠᠨ ᠯᠢ ᠬᠥ
ᠬᠠᠮᠤᠭ ᠤᠯᠠᠨ ᠵᠠᠯᠠᠭᠤᠴᠤᠳ ᠨᠢ ᠦᠵᠡᠪᠡᠯ ᠬᠠᠬᠠᠴᠢᠬᠠᠮᠠᠷ ᠸᠠᠨ ᠯᠢ ᠬᠥ
ᠬᠠᠭᠠᠯᠭᠠᠲᠤ ᠶ᠋ᠢᠨ ᠰᠦᠮᠡ ᠶ᠋ᠢᠨ ᠮᠠᠮᠠ ᠨᠢ ᠦᠵᠡᠪᠡᠯ ᠬᠠᠷᠠᠯᠠᠮᠠᠷ ᠸᠠᠨ ᠯᠢ ᠬᠥ
ᠰᠠᠨᠠᠨᠠ ᠪᠣᠲᠣᠨᠠ ᠭᠡᠲᠡᠭ᠋ ᠴᠢᠨᠢ ᠮᠠᠮᠠ ᠰᠠᠨᠠᠭᠠᠨ ᠪ ᠴᠢᠨᠢ ᠨᠢᠭᠤᠴᠠ ᠡ ᠬᠥ
ᠰᠠᠨᠠᠵᠤ ᠪᠠᠶ᠋ᠢᠨᠠ ᠤᠤ ᠪᠣᠲᠣᠵᠤ ᠪᠠᠶ᠋ᠢᠨᠠ ᠤᠤ ᠭᠡᠲᠡᠭ᠋ ᠬᠣᠶᠠᠷ ᠊ᠢ ᠰᠠᠬᠢᠭᠤᠯᠰᠤᠨ ᠮᠡᠲᠡᠬᠦ ᠦᠭᠡᠢ ᠬᠥ
ᠰᠠᠨᠠᠬ᠋ᠠ ᠪᠣᠯᠤᠨ ᠪᠣᠲᠣᠯᠬ᠋ᠠ ᠴᠢᠨᠢ ᠳ᠋ᠠ ᠦᠨᠡᠬᠡᠷ ᠪᠠᠶ᠋ᠢᠪᠠᠯ ᠠ ᠮᠠᠮᠠ
ᠴᠠᠭᠠᠰᠢ ᠪᠠᠨ ᠨᠠᠭᠠᠰᠢ ᠪᠠᠨ ᠭᠠᠷᠬᠤ ᠶ᠋ᠢᠨ ᠦᠶᠡ ᠳ᠋ᠦ ᠪᠡᠨ ᠰᠠᠭᠤᠵᠤ ᠪᠠᠭᠤᠵᠤ ᠪᠣᠯᠤᠨᠠ ᠬᠥ
ᠪᠣᠲᠣᠨᠠ ᠰᠠᠨᠠᠨᠠ ᠭᠡᠲᠡᠭ᠋ ᠴᠢᠨᠢ ᠮᠠᠮᠠ ᠪᠣᠲᠣᠯᠭᠠᠨ ᠪ ᠨᠢᠭᠤᠴᠠ ᠬᠥ
ᠪᠣᠲᠣᠵᠤ ᠪᠠᠶ᠋ᠢᠨᠠ ᠤᠤ ᠰᠠᠨᠠᠵᠤ ᠪᠠᠶ᠋ᠢᠨᠠ ᠤᠤ ᠭᠡᠲᠡᠭ᠋ ᠬᠣᠶᠠᠷ ᠊ᠢ ᠪᠤᠷᠬᠠᠨ ᠪᠣᠯᠪᠠᠴᠤ ᠮᠡᠲᠡᠬᠦ ᠦᠭᠡᠢ ᠬᠥ
ᠪᠣᠲᠣᠯᠬ᠋ᠠ ᠪᠣᠯᠤᠨ ᠰᠠᠨᠠᠬ᠋ᠠ ᠴᠢᠨᠢ ᠳ᠋ᠠ ᠦᠨᠡᠬᠡᠷ ᠪᠠᠶ᠋ᠢᠪᠠᠯ ᠠ ᠮᠠᠮᠠ
ᠪᠠᠷᠠᠭᠤᠨᠰᠢ ᠪᠠᠨ ᠵᠡᠭᠦᠨᠰᠢ ᠪᠡᠨ ᠭᠠᠷᠬᠤ ᠶ᠋ᠢᠨ ᠦᠶᠡ ᠳ᠋ᠦ ᠪᠡᠨ ᠪᠠᠭᠤᠵᠤ ᠰᠠᠭᠤᠵᠤ ᠪᠣᠯᠤᠨᠠ ᠬᠥ
ᠪᠠᠷᠠᠭᠤᠨᠰᠢ ᠪᠠᠨ ᠵᠡᠭᠦᠨᠰᠢ ᠪᠡᠨ ᠭᠠᠷᠬᠤ ᠶ᠋ᠢᠨ ᠦᠶᠡ ᠳ᠋ᠦ ᠪᠡᠨ ᠪᠠᠭᠤᠵᠤ ᠰᠠᠭᠤᠵᠤ ᠪᠣᠯᠤᠨᠠ ᠬᠥ