作词 : uchral
作曲 : D.D
ᠰᠠᠨᠠᠵᠤ ᠪᠠᠢᠨᠠ ᠲᠡᠷᠡ ᠦᠳᠡᠰᠢ ᠡ
ᠰᠠᠨᠠᠭᠠᠨ ᠳ᠋ᠤ᠌ ᠦᠭᠡᠢ ᠴᠢ ᠢᠯᠡᠷᠡᠭᠰᠡᠨ
ᠬᠠᠷᠢᠨ ᠴᠢᠮᠠ ᠶ᠋ᠢ ᠣᠯᠵᠤ ᠬᠠᠷᠠᠭᠠ ᠦᠭᠡᠢ ᠪᠣᠯ
ᠭᠠᠭᠴᠠᠭᠠᠷ ᠪᠢ ᠴᠢᠨᠢ ᠭᠤᠨᠢᠬᠤ ᠪᠠᠢᠭᠰᠠᠨ
ᠰᠠᠢᠬᠠᠨ ᠥᠬᠢᠳ ᠣᠯᠠᠨ ᠪᠠᠢᠭᠰᠠᠨ ᠴᠤ᠌
ᠰᠠᠭᠠᠲᠠᠭᠤᠯᠵᠤ ᠪᠠᠢᠭᠰᠠᠨ ᠨᠢ ᠴᠢᠨᠦ ᠶᠠᠷᠢᠶᠠ
ᠮᠣᠰᠺᠸᠠ ᠶ᠋ᠢᠨ ᠪᠣᠷᠤᠭᠠ ᠴᠢᠬᠢᠨ ᠲᠤ᠌ ᠱᠠᠭᠠᠭᠰᠠᠨ
ᠠᠮᠵᠢᠵᠤ ᠬᠠᠷᠠᠭᠰᠠᠨ ᠨᠢ ᠴᠢᠨᠦ ᠢᠨᠢᠶᠡᠮᠰᠦᠭᠯᠡᠯ
ᠲᠡᠷᠡ ᠦᠳᠡᠰᠢ ᠳᠠᠩᠴᠤ ᠣᠬᠤᠷ
ᠳᠤᠷᠠᠯᠠᠭᠰᠠᠨ ᠮᠢᠨᠢ ᠳᠠᠩᠴᠤ ᠤᠳᠠᠭᠠᠨ
ᠲᠡᠷᠡ ᠦᠳᠡᠰᠢ ᠳᠠᠩᠴᠤ ᠣᠬᠤᠷ
ᠳᠤᠷᠠᠯᠠᠭᠰᠠᠨ ᠮᠢᠨᠢ ᠳᠠᠩᠴᠤ ᠤᠳᠠᠭᠠᠨ
ᠲᠡᠷᠡ ᠦᠳᠡᠰᠢ ᠳᠠᠩᠴᠤ ᠣᠬᠤᠷ
ᠳᠤᠷᠠᠯᠠᠭᠰᠠᠨ ᠮᠢᠨᠢ ᠳᠠᠩᠴᠤ ᠤᠳᠠᠭᠠᠨ
ᠲᠡᠷᠡ ᠦᠳᠡᠰᠢ ᠳᠠᠩᠴᠤ ᠣᠬᠤᠷ
ᠳᠤᠷᠠᠯᠠᠭᠰᠠᠨ ᠮᠢᠨᠢ ᠳᠠᠩᠴᠤ ᠤᠳᠠᠭᠠᠨ
ᠠᠷᠪᠠᠨ ᠨᠠᠢ᠍ᠮᠠᠨ ᠨᠠᠰᠤ ᠰᠢᠭ᠋ ᠵᠢᠡᠨ
ᠳᠤᠷᠠᠯᠠᠯ ᠲᠠᠭᠤᠨ ᠵᠢᠡᠷ ᠰᠢᠲᠠᠭᠰᠠᠨ ᠦᠳᠡᠰᠢ
ᠠᠮᠠᠯᠠᠵᠤ ᠴᠢᠳᠠᠬᠤ ᠦᠭᠡᠢ ᠨᠢ ᠬᠥᠭᠡᠷᠦᠬᠦᠨ ᠴᠢᠮᠠ ᠳ᠋ᠤ᠌ ᠪᠠᠨ
ᠠᠬᠢᠭᠠᠳ ᠬᠡᠵᠢᠶᠡ ᠤᠴᠠᠷᠠᠬᠤ ᠪᠣᠯ
ᠰᠠᠨᠠᠵᠤ ᠪᠠᠢᠨᠠ ᠲᠡᠷᠡ ᠦᠳᠡᠰᠢ ᠡ
ᠰᠠᠨᠠᠭᠠᠨ ᠳ᠋ᠤ᠌ ᠦᠭᠡᠢ ᠴᠢ ᠢᠯᠡᠷᠡᠭᠰᠡᠨ
ᠥᠯᠦ ᠲᠠᠨᠢᠬᠤ ᠬᠥᠭᠡᠷᠦᠬᠦᠨ ᠪᠦᠰᠡᠭᠦᠢ
ᠥᠩᠭᠡᠷᠡᠭᠡᠳ ᠤᠲᠤᠭᠰᠠᠨ ᠵᠣᠴᠢᠨ
ᠲᠡᠷᠡ ᠦᠳᠡᠰᠢ ᠳᠠᠩᠴᠤ ᠣᠬᠤᠷ
ᠳᠤᠷᠠᠯᠠᠭᠰᠠᠨ ᠮᠢᠨᠢ ᠳᠠᠩᠴᠤ ᠤᠳᠠᠭᠠᠨ
ᠲᠡᠷᠡ ᠦᠳᠡᠰᠢ ᠳᠠᠩᠴᠤ ᠣᠬᠤᠷ
ᠳᠤᠷᠠᠯᠠᠭᠰᠠᠨ ᠮᠢᠨᠢ ᠳᠠᠩᠴᠤ ᠤᠳᠠᠭᠠᠨ
ᠲᠡᠷᠡ ᠦᠳᠡᠰᠢ ᠳᠠᠩᠴᠤ ᠣᠬᠤᠷ
ᠳᠤᠷᠠᠯᠠᠭᠰᠠᠨ ᠮᠢᠨᠢ ᠳᠠᠩᠴᠤ ᠤᠳᠠᠭᠠᠨ
ᠲᠡᠷᠡ ᠦᠳᠡᠰᠢ ᠳᠠᠩᠴᠤ ᠣᠬᠤᠷ
ᠳᠤᠷᠠᠯᠠᠭᠰᠠᠨ ᠮᠢᠨᠢ ᠳᠠᠩᠴᠤ ᠤᠳᠠᠭᠠᠨ