作词 : Enkhsaikhan
作曲 : T-Zii
编曲 : T-Zii
母带:Gunbulag
ᠰᠠᠢᠬᠠᠨ ᠲᠥᠷᠥᠭᠰᠡᠨ ᠴᠢᠮᠠ ᠲᠠᠢ ᠪᠠᠨ
ᠰᠥᠨᠢ ᠶᠢᠨ ᠭᠦᠨ ᠳ᠋ᠦ ᠪᠣᠯᠵᠣᠭᠰᠠᠨ ᠳ᠋ᠠ
ᠰᠡᠪᠡᠯᠵᠡᠭᠦᠷ ᠰᠠᠯᠬᠢᠨ ᠤ ᠰᠡᠮᠬᠡᠨ ᠢᠯᠪᠢᠭᠡ ᠨᠢ
ᠰᠡᠪᠡᠯᠭᠡ ᠵᠥᠭᠡᠯᠡᠨ ᠰᠠᠨᠠᠭᠳᠠᠨᠠ ᠳ᠋ᠠ
ᠣᠳᠣᠳ ᠪᠦᠳᠡᠬᠢᠷᠡᠵᠤ ᠠᠷᠢᠯᠤᠯᠠ ᠰᠢᠤ ᠳ᠋ᠠ
ᠡᠩᠬᠦᠷᠡᠢ ᠴᠢ ᠮᠢᠨᠢ ᠢᠷᠡᠭᠡ ᠦᠭᠡᠢ ᠳ᠋ᠠ oh
ᠰᠠᠷᠠᠨ ᠬᠡᠯᠲᠦᠷᠢᠵᠤ ᠳᠤᠲᠠᠭᠠᠯᠠ ᠰᠢᠤ
ᠰᠠᠢᠬᠠᠨ ᠴᠢ ᠮᠢᠨᠢ ᠬᠠᠮᠢᠭᠠ ᠪᠠᠢᠨᠠ
ᠵᠡᠭᠦᠳᠦᠨ ᠤ ᠳᠤᠷᠠᠯᠠᠯ ᠮᠢᠨᠢ
ᠵᠢᠷᠦᠬᠡᠨ ᠤ ᠮᠢᠨᠢ ᠭᠠᠭᠴᠠᠬᠠᠨ ᠬᠠᠢᠷᠠ
ᠵᠦᠭ ᠦᠭᠡᠢ ᠲᠡᠭᠷᠢ ᠶᠢᠨ ᠡᠷᠭᠢᠰ ᠢᠶᠡᠷ
ᠵᠡᠭᠦᠰᠬᠡᠯ ᠬᠡᠯᠬᠢᠨ ᠴᠢᠮᠠ ᠳ᠋ᠦ ᠪᠠᠨ ᠥᠭᠭᠦᠶᠡ
ᠦᠶᠡ ᠶᠢᠨ ᠬᠥᠭᠡᠷᠦᠬᠦᠨ ᠴᠢᠮᠠ ᠲᠠᠢ ᠪᠠᠨ
ᠦᠳᠡᠰᠢ ᠶᠢᠨ ᠭᠦᠨ ᠳ᠋ᠦ ᠪᠣᠯᠵᠣᠭᠰᠠᠨ ᠳ᠋ᠠ
ᠦᠶᠡᠯᠵᠡᠭᠦᠷ ᠰᠠᠯᠬᠢᠨ ᠤ ᠤᠶᠠᠬᠠᠨ ᠰᠡᠪᠡᠭᠡ ᠨᠢ
ᠤᠷᠤᠰᠬᠠᠯ ᠲᠦᠯᠬᠢᠨ ᠰᠠᠨᠠᠭᠳᠠᠨᠠ ᠳ᠋ᠠ
ᠲᠡᠭᠷᠢ ᠬᠠᠶᠠᠭᠠᠷᠠᠵᠤ ᠡᠬᠢᠯᠡᠯᠡ ᠰᠢᠤ ᠳ᠋ᠡ
ᠲᠡᠩᠬᠢᠯ ᠴᠢ ᠮᠢᠨᠢ ᠢᠷᠡᠭᠡ ᠦᠭᠡᠢ ᠳ᠋ᠠ oh
ᠨᠠᠷᠠᠨ ᠤᠷᠠᠭᠠᠨ ᠮᠠᠨᠳᠤᠯᠠ ᠰᠢᠤ
ᠨᠠᠰᠤᠨ ᠤ ᠬᠠᠢᠷᠠ ᠮᠢᠨᠢ ᠬᠠᠮᠢᠭᠠ ᠪᠠᠢᠨᠠ
ᠵᠡᠭᠦᠳᠦᠨ ᠤ ᠳᠤᠷᠠᠯᠠᠯ ᠮᠢᠨᠢ
ᠵᠢᠷᠦᠬᠡᠨ ᠤ ᠮᠢᠨᠢ ᠭᠠᠭᠴᠠᠬᠠᠨ ᠬᠠᠢᠷᠠ
ᠵᠦᠭ ᠦᠭᠡᠢ ᠲᠡᠭᠷᠢ ᠶᠢᠨ ᠡᠷᠭᠢᠰ ᠢᠶᠡᠷ
ᠵᠡᠭᠦᠰᠬᠡᠯ ᠬᠡᠯᠬᠢᠨ ᠴᠢᠮᠠ ᠳ᠋ᠦ ᠪᠠᠨ ᠥᠭᠭᠦᠶᠡ
ᠠᠨᠢᠪᠴᠢᠬᠤ ᠣᠳᠣᠳ ᠤᠨ ᠳᠣᠣᠭᠤᠷ
ᠠᠰᠬᠠᠷᠠᠬᠤ ᠰᠠᠷᠠᠨ ᠤ ᠭᠡᠭᠡᠨ ᠳ᠋ᠦ
ᠠᠯᠬᠤᠯᠠᠭᠰᠠᠭᠠᠷ ᠴᠢ ᠮᠢᠨᠢ ᠨᠠᠳᠠ ᠳ᠋ᠦ ᠪᠠᠨ ᠢᠷᠡᠯᠡ
ᠰᠥᠨᠢ ᠶᠢᠨ ᠬᠠᠷᠠᠩᠭᠤᠢ ᠲᠡᠭᠷᠢ ᠶᠢᠨ
ᠰᠡᠳᠬᠢᠯ ᠤᠨ ᠪᠦᠷᠦᠩᠬᠦᠢ ᠵᠠᠢ ᠶᠢ
ᠭᠡᠷᠡᠯᠲᠦᠭᠦᠯᠦᠭᠰᠡᠭᠡᠷ ᠴᠢ ᠮᠢᠨᠢ ᠢᠷᠡᠯᠡ
ᠵᠡᠭᠦᠳᠦᠨ ᠤ ᠳᠤᠷᠠᠯᠠᠯ ᠮᠢᠨᠢ
ᠵᠢᠷᠦᠬᠡᠨ ᠤ ᠮᠢᠨᠢ ᠭᠠᠭᠴᠠᠬᠠᠨ ᠬᠠᠢᠷᠠ
ᠵᠦᠭ ᠦᠭᠡᠢ ᠲᠡᠭᠷᠢ ᠶᠢᠨ ᠡᠷᠭᠢᠰ ᠢᠶᠡᠷ
ᠵᠡᠭᠦᠰᠬᠡᠯ ᠬᠡᠯᠬᠢᠨ ᠴᠢᠮᠠ ᠳ᠋ᠦ ᠪᠠᠨ ᠥᠭᠭᠦᠶᠡ
ᠵᠡᠭᠦᠳᠦᠨ ᠤ ᠳᠤᠷᠠᠯᠠᠯ ᠮᠢᠨᠢ
ᠵᠦᠭ ᠦᠭᠡᠢ ᠲᠡᠭᠷᠢ ᠶᠢᠨ ᠡᠷᠭᠢᠰ ᠢᠶᠡᠷ
ᠵᠡᠭᠦᠰᠬᠡᠯ ᠬᠡᠯᠬᠢᠨ ᠴᠢᠮᠠ ᠳ᠋ᠦ ᠪᠠᠨ ᠥᠭᠭᠦᠶᠡ