ᠰᠠᠷᠡᠨ ᠨᠢ ᠲᠤᠩᠭᠠᠯᠠᠭ ᠰᠦᠨᠢ ᠪᠠᠢᠯᠠ
ᠰᠠᠷᠠᠭᠤᠯ ᠲᠠᠯᠠ ᠨᠢ ᠰᠡᠯᠡᠭᠦᠬᠡᠨ ᠪᠠᠢᠯᠠ
ᠰᠠᠢᠬᠠᠨ ᠴᠢᠮᠠᠶᠢ ᠪᠠᠨ ᠰᠠᠨᠠᠨ ᠰᠠᠨᠠᠭᠰᠠᠭᠠᠷ
ᠰᠡᠳᠭᠢᠯ ᠵᠢᠷᠦᠬᠡ ᠮᠢᠨᠢ ᠰᠢᠮᠰᠢᠷᠡᠭᠡᠳ ᠪᠠᠢᠬᠤ ᠶᠤᠮ ᠡ
ᠰᠠᠨᠠᠨᠠ ᠰᠠᠨᠠᠨᠠ ᠭᠡᠳ ᠰᠠᠨᠠᠭᠠᠨ ᠳ᠋ᠠᠭᠠᠨ ᠰᠢᠩᠭᠡᠭᠡᠭᠰᠡᠨ ᠶᠤᠮ ᠡ
ᠰᠠᠯᠬᠤ ᠦᠭᠡᠢ ᠶᠤᠮ ᠭᠡᠵᠦ ᠰᠡᠳᠭᠡᠯ ᠳ᠋ᠡᠭᠡᠨ ᠠᠮᠠᠯᠳᠠᠭᠰᠠᠨ ᠶᠤᠮ ᠡ
ᠰᠠᠷᠡᠨ ᠦ ᠲᠤᠶᠠᠭᠠᠨ ᠳ᠋ᠤ ᠤᠶᠠᠷᠡᠨ ᠰᠠᠭᠤᠬᠤᠯᠠᠷ
ᠰᠠᠢᠬᠠᠨ ᠴᠢᠨᠦ ᠪᠠᠷᠠ ᠰᠡᠳᠭᠡᠯ ᠳ᠋ᠤ ᠲᠤᠳᠤᠷᠠᠬᠤ ᠶᠤᠮ ᠡ
ᠠᠢ ᠁ ᠬᠥ᠋
ᠢᠩᠭᠢᠵᠦ ᠯᠡ ᠰᠠᠨᠠᠬᠤ ᠨᠢ ᠬᠡᠴᠡᠭᠦᠤ ᠯᠡ ᠶᠤᠮ ᠪᠠᠢᠨᠠ
ᠦᠨᠡᠨ ᠬᠠᠢᠷᠠ ᠲᠠᠲᠠᠭᠰᠠᠨ ᠴᠢᠮᠠᠶᠢ ᠪᠠᠨ
ᠦᠷᠤᠴᠡ ᠵᠢᠷᠦᠬᠡᠨ ᠳ᠋ᠡᠭᠡᠨ ᠦᠭᠡᠢᠯᠡᠭᠡᠳ ᠪᠠᠢᠬᠤ ᠶᠤᠮ ᠡ
ᠬᠠᠢᠷᠠᠲᠠᠢ ᠰᠢᠤ ᠯᠡ ᠭᠡᠵᠤ ᠬᠠᠨᠢᠯᠡᠨ ᠵᠢᠷᠭᠠᠭᠰᠠᠨ ᠶᠤᠮ ᠡ
ᠬᠠᠶᠠᠬᠤ ᠦᠭᠡᠢ ᠯᠡ ᠶᠤᠮ ᠭᠡᠵᠤ ᠬᠤᠶᠠᠭᠤᠯᠠ ᠪᠠᠨ ᠰᠢᠪᠡᠨᠡᠭᠰᠡᠨ ᠶᠤᠮ ᠡ
ᠬᠠᠢᠷᠠ ᠶᠢᠨ ᠪᠤᠯᠵᠤᠭᠠᠨ ᠳ᠋ᠤ ᠢᠩᠭᠢᠵᠤ ᠰᠠᠭᠤᠬᠤᠯᠠᠷ
ᠬᠦᠭᠡᠷᠦᠬᠦᠨ ᠴᠢ ᠮᠢᠨᠢ ᠨᠠᠳᠠ ᠳ᠋ᠠᠭᠠᠨ ᠢᠷᠡᠮᠡᠷ ᠰᠠᠨᠠᠭᠳᠠᠬᠤ ᠶᠤᠮ ᠡ
ᠠᠢ ᠁ ᠬᠥ᠋
ᠢᠩᠭᠢᠵᠦ ᠰᠠᠨᠠᠬᠤ ᠨᠢ ᠬᠡᠴᠡᠭᠦᠤ ᠯᠡ ᠶᠤᠮ ᠪᠠᠢᠨᠠ
ᠤᠴᠠᠷᠠᠬᠤ ᠶᠢᠨ ᠬᠦᠰᠡᠯ ᠲᠠᠢ ᠡᠨᠡᠬᠡᠨ ᠬᠤᠷᠸᠠ ᠳ᠋ᠠᠭᠠᠨ
ᠡᠷᠭᠢᠵᠤ ᠠᠭᠤᠯᠵᠠᠬᠤ ᠶᠢ ᠬᠦᠰᠡᠬᠦ ᠯᠡ ᠶᠤᠮ ᠪᠠᠢᠨᠠ
ᠰᠠᠷᠡᠨ ᠨᠢ ᠲᠤᠩᠭᠠᠯᠠᠭ ᠰᠦᠨᠢ ᠪᠠᠢᠯᠠ
ᠰᠠᠷᠠᠭᠤᠯ ᠲᠠᠯᠠ ᠨᠢ ᠰᠡᠯᠡᠭᠦᠬᠡᠨ ᠪᠠᠢᠯᠠ
ᠰᠠᠢᠬᠠᠨ ᠴᠢᠮᠠᠶᠢ ᠪᠠᠨ ᠰᠠᠨᠠᠨ ᠰᠠᠨᠠᠭᠰᠠᠭᠠᠷ
ᠰᠠᠨᠠᠭᠰᠠᠨ ᠰᠡᠳᠭᠢᠯ ᠵᠢᠠᠨ ᠠᠷᠭᠠᠳᠠᠵᠤ ᠲᠠᠭᠤᠯᠠᠭᠰᠠᠨ ᠶᠤᠮ ᠡ