作词 : Л. Өлзийтөгс
ᠲᠠ ᠵᠢᠷᠦᠬᠡᠨ ᠳ᠋ᠦ᠍ ᠮᠥᠩᠬᠡ
ᠲᠡᠷᠲᠡᠭᠡ ᠬᠣᠯᠠ ᠠ᠋ᠴᠠ ᠬᠥᠬᠡᠷᠡᠬᠦ
ᠲᠡᠭᠰᠢ ᠳᠦᠭᠦᠷᠡᠩ ᠲᠡᠭᠷᠢ ᠮᠢᠨᠢ
ᠲᠡᠭᠷᠢ ᠮᠢᠨᠢ
ᠲᠠ ᠬᠠᠷᠠᠴᠠᠨ ᠳ᠋ᠦ᠍ ᠮᠥᠩᠬᠡ
ᠴᠡᠪ ᠴᠡᠩᠬᠡᠷ ᠨᠤᠲᠤᠭ ᠮᠢᠨᠢ
ᠴᠡᠭᠡᠵᠢᠨ ᠦ ᠭᠤᠨᠢᠭ ᠠᠷᠴᠢᠬᠤ
ᠴᠡᠪᠡᠷ ᠢᠯᠳᠠᠮ ᠰᠠᠯᠬᠢᠨ ᠮᠢᠨᠢ
ᠰᠠᠯᠬᠢᠨ ᠮᠢᠨᠢ
ᠲᠠ ᠵᠢᠷᠦᠬᠡᠨ ᠳ᠋ᠦ᠍ ᠮᠥᠩᠬᠡ
ᠬᠠᠷᠠᠴᠠᠨ ᠳ᠋ᠦ᠍ ᠮᠥᠩᠬᠡ
ᠬᠦᠦ ᠪᠡᠨ ᠳᠠᠭᠤᠳᠠᠭᠰᠠᠭᠠᠷ
ᠠᠯᠤᠰ ᠠ᠋ᠴᠠ ᠠᠭᠤᠯᠠᠰ ᠢᠶ᠋ᠠᠷ ᠢᠶ᠋ᠠᠨ ᠠᠨᠢᠷᠭᠦᠢᠬᠡᠨ ᠲᠠᠯᠠ ᠪᠠᠷ ᠢᠶ᠋ᠠᠨ ᠳᠠᠯᠠᠯᠤᠨᠠ
ᠬᠦᠷᠦᠭᠡᠳ ᠢᠷᠡ ᠭᠡᠵᠦ ᠠᠪᠤ ᠰᠢᠭ᠋ ᠳᠠᠭᠤᠳᠠᠨᠠ
ᠬᠦᠦ ᠶ᠋ᠢ ᠮᠢᠨᠢ ᠥᠷᠥᠰᠢᠶᠡ ᠭᠡᠵᠦ ᠡᠵᠢ ᠰᠢᠭ ᠬᠤᠷᠤᠶ᠋ᠢᠯᠠᠨᠠ
ᠡᠬᠡ ᠣᠷᠣᠨ ᠮᠢᠨᠢ
ᠳᠠᠭᠤᠯᠠᠭᠰᠠᠨ ᠴᠤ᠌ ᠰᠠᠨᠠᠭᠳᠠᠬᠤ ᠶᠤᠮ ᠠ᠋
ᠲᠠ ᠰᠡᠳᠬᠢᠯ ᠳ᠋ᠦ᠍ ᠮᠥᠩᠬᠡ
ᠡᠩᠬᠡ ᠰᠠᠷᠠᠭᠤᠯ ᠨᠤᠲᠤᠭ ᠮᠢᠨᠢ
ᠡᠪ ᠦᠨ ᠬᠠᠶ᠋ᠢᠷᠠ ᠪᠠᠷ ᠢᠪᠡᠭᠡᠬᠦ
ᠡᠵᠢ ᠶ᠋ᠢᠨ ᠳᠦᠷᠢ ᠰᠢᠭ ᠮᠥᠩᠬᠡ ᠣᠷᠣᠨ
ᠮᠥᠩᠬᠡ ᠣᠷᠣᠨ