作词 : Балдорж. Б
作曲 : Мөнгөншагай. А
ᠠᠷᠢᠭᠤᠬᠠᠨ ᠬᠡᠪᠡᠯᠢ ᠳ᠋ᠤ᠋ ᠪᠡᠨ ᠠᠷᠪᠠᠨ ᠰᠠᠷᠠ ᠲᠡᠭᠡᠭᠡᠵᠦ
ᠠᠷᠤᠭ ᠡᠭᠦᠷᠴᠦ ᠭᠠᠯ ᠢᠶᠡᠨ ᠲᠦᠯᠡᠭᠰᠡᠨ
ᠠᠮᠢᠳᠤᠷᠠᠯ ᠬᠡᠮᠡᠬᠦ ᠶᠡᠬᠡ ᠳᠠᠯᠠᠢ ᠳ᠋ᠤ᠋ ᠠᠪᠴᠢᠷᠠᠭᠰᠠᠨ
ᠠᠴᠢᠲᠤ ᠡᠵᠢ ᠵᠢ ᠪᠡᠨ ᠪᠢᠲᠡᠭᠡᠢ ᠭᠣᠮᠣᠳᠠᠭᠠᠭᠠᠷᠠᠢ
ᠦᠷᠡ ᠲᠠᠢ ᠬᠦᠮᠤᠨ ᠤ ᠵᠢᠷᠭᠠᠯ ᠢ ᠡᠳᠦᠷ ᠪᠣᠯᠭᠠᠨ ᠮᠡᠳᠡᠷᠡᠭᠦᠯᠵᠦ
ᠦᠭᠡᠰ ᠤᠨ ᠰᠠᠢᠬᠠᠨ ᠢ ᠡᠳᠦᠷ ᠪᠣᠯᠭᠠᠨ ᠬᠡᠯᠡᠨᠡ
ᠡᠵᠢ ᠵᠢ ᠪᠡᠨ ᠬᠠᠢᠷᠠᠯᠠᠵᠤ ᠶᠠᠪᠤᠬᠤ ᠳ᠋ᠤ᠋ ᠪᠢ ᠠᠯᠵᠢᠶᠠᠬᠤ ᠦᠭᠡᠢ ᠡ
ᠡᠵᠢ ᠮᠢᠨᠢ ᠲᠠ ᠨᠠᠳᠠ ᠳ᠋ᠤ᠋ ᠪᠡᠨ ᠰᠢᠲᠦᠭᠡᠨ ᠪᠢᠯᠡ
ᠠᠯᠠᠭ ᠦᠷᠡ ᠪᠣᠯᠵᠤ ᠮᠡᠨᠳᠦᠯᠡᠨ ᠲᠥᠷᠥᠭᠡᠳ
ᠠᠮᠢᠳᠤᠷᠠᠯ ᠳ᠋ᠤ᠋ ᠨᠢ ᠪᠠᠶᠠᠷ ᠪᠠᠶᠠᠰᠤᠯ ᠢ ᠮᠡᠳᠡᠷᠡᠭᠦᠯᠵᠦ
ᠨᠠᠷᠠᠲᠤ ᠬᠣᠷᠣᠠ ᠳ᠋ᠤ᠋ ᠭᠠᠭᠴᠠ ᠵᠠᠶᠠᠭᠠᠬᠤ ᠡᠵᠢ ᠵᠢ ᠪᠡᠨ
ᠨᠠᠰᠤᠨ ᠲᠤᠷᠰᠢᠲᠠ ᠨᠢ ᠪᠠᠶᠠᠷᠯᠠᠭᠤᠯᠵᠤ ᠶᠠᠪᠤᠭᠠᠷᠠᠢ
ᠦᠷᠡ ᠲᠠᠢ ᠬᠦᠮᠤᠨ ᠤ ᠵᠢᠷᠭᠠᠯ ᠢ ᠡᠳᠦᠷ ᠪᠣᠯᠭᠠᠨ ᠮᠡᠳᠡᠷᠡᠭᠦᠯᠵᠦ
ᠦᠭᠡᠰ ᠤᠨ ᠰᠠᠢᠬᠠᠨ ᠢ ᠡᠳᠦᠷ ᠪᠣᠯᠭᠠᠨ ᠬᠡᠯᠡᠨᠡ
ᠡᠵᠢ ᠵᠢ ᠪᠡᠨ ᠬᠠᠢᠷᠠᠯᠠᠵᠤ ᠶᠠᠪᠤᠬᠤ ᠳ᠋ᠤ᠋ ᠪᠢ ᠠᠯᠵᠢᠶᠠᠬᠤ ᠦᠭᠡᠢ ᠡ
ᠡᠵᠢ ᠮᠢᠨᠢ ᠲᠠ ᠨᠠᠳᠠ ᠳ᠋ᠤ᠋ ᠪᠡᠨ ᠰᠢᠲᠦᠭᠡᠨ ᠪᠢᠯᠡ
ᠡᠩᠬᠦᠷᠡᠶ᠋ᠢᠯᠡᠬᠦ ᠬᠠᠶ᠋ᠢᠷᠠ᠋ ᠶ᠋ᠢ ᠨᠢ ᠳᠠᠭᠠᠭᠠᠵᠥ ᠶᠠᠪᠤᠭᠠᠷᠠᠢ
ᠡᠵᠢ ᠵᠢ ᠪᠠᠨ ᠭᠣᠮᠤᠳᠠᠭᠠᠬᠤ ᠣᠴᠢᠷ ᠥᠭᠡᠢ
ᠡᠵᠢ ᠵᠢ ᠪᠠᠨ ᠪᠢ ᠭᠣᠮᠤᠳᠠᠭᠠᠬᠤ ᠣᠴᠢᠷ ᠥᠭᠡᠢ