ᠠᠨᠳᠠ
ᠱᠠᠩᠳᠤ ᠶᠢᠨ ᠬᠣᠭᠣᠯᠠᠢ
ᠮᠣᠷᠢ ᠵᠢᠯ ᠪᠢᠴᠢᠭ᠍ᠰᠡᠨ ᠡᠨᠡᠬᠡᠨ ᠳᠠᠭᠤᠨ ᠤ ᠭᠠᠨᠵᠤᠭᠠᠨ ᠳᠤ ᠥᠪᠡᠷ ᠦᠨ ᠪᠣᠳᠣᠯ ᠢᠶᠠᠨ ᠳᠡᠭᠦᠵᠢᠯᠡᠵᠦ
ᠮᠥᠷᠥᠭᠡᠳᠦᠯ ᠥᠭᠡᠳᠡ ᠪᠡᠨ ᠲᠡᠮᠡᠦᠯᠵᠦ ᠪᠠᠢᠭᠠ ᠨᠠᠢᠢᠵᠠ ᠨᠠᠷ ᠤᠨ ᠮᠢᠨᠢ ᠲᠠᠷᠢᠬᠢᠨ ᠦᠵᠦᠭᠦᠷ
ᠥᠪᠡᠷ ᠦᠨ ᠭᠡᠰᠡᠨ ᠪᠣᠳᠣᠯ ᠢᠶᠠᠨ ᠦᠵᠡᠭᠡᠳ ᠥᠷᠥᠭᠡᠯ ᠪᠤᠰᠤᠳ ᠢ ᠬᠠᠷᠠᠨ ᠰᠠᠭᠤᠬᠤ ᠳᠤ
ᠡᠪᠦᠳᠦᠭ ᠰᠥᠬᠥᠷᠡᠨ ᠪᠦᠳᠦᠷᠢᠨ ᠤᠨᠠᠬᠤ ᠳᠤ ᠲᠦᠰᠢᠭᠡᠳ ᠠᠪᠳᠠᠭ ᠨᠢ ᠱᠠᠩᠳᠤ ᠶᠢᠨ ᠬᠣᠭᠣᠯᠠᠢ
ᠠᠨᠳᠠ ᠭᠡᠳᠡᠭ ᠰᠡᠳᠬᠢᠯ ᠦᠨ ᠴᠡᠩᠭᠡᠭᠡ Rap ᠳᠠᠭᠤᠨ ᠤ ᠪᠠᠶᠠᠯᠢᠭ ᠦᠭᠡᠰ ᠠ᠋
ᠪᠠᠶᠠᠰᠤᠨ ᠴᠡᠩᠭᠡᠨ ᠵᠢᠷᠭᠠᠨ ᠰᠠᠭᠤᠬᠤ ᠨᠢ ᠲᠠ ᠪᠦᠬᠦᠨ ᠦ ᠢᠨᠢᠶᠡᠳᠦ ᠦᠨᠡᠨ
ᠬᠦᠯᠢᠶᠡᠵᠦ ᠤᠳᠠᠭᠰᠠᠨ ᠡᠨᠡᠬᠡᠨ ᠤᠴᠠᠷᠠᠯ ᠪᠠᠬᠠᠷᠬᠠᠯ ᠳᠤ ᠬᠦᠷᠦᠭ᠍ᠰᠡᠨ ᠳᠠᠭᠤᠨ ᠤ ᠡᠬᠢᠯᠡᠯ
ᠬᠥᠮᠥᠨ ᠬᠥᠮᠥᠨ ᠳᠡᠭᠡᠨ ᠳᠠᠰᠤᠨᠠ
ᠠᠮᠢᠳᠤᠷᠠᠯ ᠳᠠᠭᠠᠨ ᠠᠪᠴᠢᠷᠠᠭᠰᠠᠨ ᠪᠠᠢᠨᠠ ᠰᠡᠳᠬᠢᠯ ᠳᠡᠬᠢ ᠪᠠᠢᠷᠢ ᠪᠠᠨ ᠥᠭ᠍ᠭᠦᠭ᠍ᠰᠡᠨ
ᠬᠥᠮᠥᠨ ᠦ ᠪᠣᠳᠣᠯ ᠰᠡᠳᠬᠢᠯ ᠳᠦ ᠪᠦᠲᠦᠬᠦ ᠠᠮᠵᠢᠯᠲᠠ ᠶᠢ ᠪᠣᠳᠠᠲᠠᠢ ᠳᠤ ᠡᠳ᠋ᠯᠡᠶᠡ
ᠤᠬᠠᠭᠠᠷᠠᠯ ᠲᠠᠢ ᠣᠢᠯᠠᠭᠠᠯᠲᠠ ᠪᠠᠨ ᠪᠢ ᠵᠥᠪ ᠢᠶᠡᠷ ᠬᠦᠯᠢᠶᠡᠵᠦ ᠴᠢᠮᠠᠶᠢ ᠲᠣᠰᠣᠶᠠ
ᠠᠵᠠ ᠵᠢᠷᠭᠠᠯ ᠬᠦᠰᠡᠵᠦ ᠪᠠᠢᠳᠠᠭ ᠬᠠᠷᠠᠴᠠ ᠶᠢ ᠴᠢᠨᠢ ᠪᠢ ᠰᠡᠳᠬᠢᠯ ᠳᠦ ᠬᠠᠳᠠᠶᠠ
ᠠᠮᠵᠢᠯᠲᠠ ᠳᠤ ᠬᠠᠷᠠᠳᠠᠭ ᠦᠭᠡᠢ ᠪᠠᠢ ᠵᠣᠪᠠᠯᠠᠩ ᠳᠤ ᠪᠢᠳᠠ ᠲᠣᠭᠣᠳᠠᠭ ᠦᠭᠡᠢ ᠪᠠᠢᠶᠠ
ᠵᠣᠷᠢᠭ ᠢᠶᠠᠷ ᠢᠶᠠᠨ ᠲᠡᠮᠡᠦᠯᠵᠦ ᠯᠡ ᠶᠠᠪᠤ ᠰᠠᠨᠠᠯ ᠢᠶᠠᠷ ᠢᠶᠠᠨ ᠪᠤᠷᠤᠭᠤ ᠶᠢ ᠨᠢ ᠭᠣᠮᠣᠳᠠᠭᠠᠶᠠ
ᠠᠮᠵᠢᠯᠲᠠ ᠶᠢᠨ ᠴᠢᠭ᠌ ᠢᠶᠡᠷ ᠢᠶᠡᠨ ᠦᠵᠡᠯᠲᠡ ᠶᠢᠨ ᠬᠠᠷᠠᠴᠠ ᠪᠠᠷ ᠢᠶᠠᠨ
ᠠᠪᠴᠤ ᠠᠯᠳᠠᠬᠤ ᠣᠨᠣᠭᠠ ᠳᠡᠭᠡᠷᠡ ᠬᠥᠮᠥᠨ ᠦ ᠳᠡᠭᠡᠳᠦ ᠲᠠᠢ ᠬᠠᠮᠲᠤ ᠠᠯᠬᠤᠶᠠ
ᠰᠡᠳᠬᠢᠯ ᠭᠡᠵᠦ ᠡᠭᠦᠷᠢᠳᠡ ᠴᠤᠭ ᠲᠡᠷᠡ ᠬᠥᠮᠥᠨ ᠴᠢᠨᠢ ᠢᠲᠡᠭᠡᠯ ᠶᠠᠭ
ᠡᠷᠡ ᠬᠥᠮᠥᠨ ᠦ ᠬᠠᠢᠷᠠ ᠶᠢᠨ ᠴᠣᠭ ᠭᠣᠮᠣᠳᠠᠯ ᠢ ᠭᠠᠯᠳᠠᠨᠠ ᠯᠠᠪ
ᠠᠯᠠᠭᠠ ᠬᠣᠭᠣᠰᠤᠨ ᠶᠠᠳᠠᠵᠤ ᠶᠠᠪᠤᠭᠰᠠᠨ ᠨᠠᠢᠢᠵᠠ ᠶᠢ ᠪᠠᠨ ᠴᠢ ᠪᠢᠲᠡᠭᠡᠢ ᠪᠠᠰᠤ
ᠠᠷᠤ ᠳᠤ ᠨᠢ ᠴᠢ ᠲᠡᠭᠡᠵᠦ ᠪᠣᠳᠣᠪᠠᠯ ᠥᠪᠡᠷ ᠢ ᠪᠡᠨ ᠴᠢ ᠬᠥᠮᠥᠨ ᠡᠴᠡ ᠬᠠᠰᠤ
ᠵᠢᠷᠤᠮ ᠭᠡᠳᠡᠭ ᠨᠢᠭᠡ ᠯᠡ ᠨᠠᠰᠤ ᠵᠣᠪᠠᠭᠠᠨᠠ ᠰᠢᠦ ᠬᠥᠮᠥᠨ ᠦ ᠠᠭᠠᠰᠢ
ᠴᠠᠳᠤᠭᠰᠠᠨ ᠴᠠᠭ ᠲᠤ ᠴᠢ ᠥᠪᠡᠷ ᠢ ᠪᠡᠨ ᠮᠠᠷᠲᠠ ᠬᠥᠮᠥᠨ ᠴᠢᠨᠠᠷ ᠢᠶᠠᠨ ᠪᠢᠲᠡᠭᠡᠢ ᠭᠠᠯᠳᠠ
ᠠᠮᠢᠳᠤᠷᠠᠯ ᠤᠨ ᠠᠯᠬᠤᠮ ᠳᠠᠭᠤᠰᠬᠤ ᠳᠤ ᠵᠢᠳᠬᠦᠯ ᠲᠠᠢ ᠲᠡᠷᠡ ᠨᠢ ᠮᠥᠷᠥ᠍ ᠨᠢ ᠳᠠᠯᠳᠠ
ᠵᠢᠷᠦᠬᠡ ᠴᠢᠨᠢ ᠲᠦᠭ᠍ᠰᠢᠬᠦ ᠴᠠᠭ ᠲᠤ ᠨᠠᠢᠢᠵᠠ ᠶᠢ ᠪᠠᠨ ᠪᠢᠲᠡᠭᠡᠢ ᠮᠠᠷᠲᠠ
ᠨᠠᠳᠠ ᠳᠤ ᠪᠠᠢᠨᠠ ᠲᠠ ᠨᠠᠷ ᠢ ᠪᠠᠨ ᠰᠠᠨᠠᠬᠤ ᠰᠡᠳᠬᠢᠯ ᠢᠯᠡᠷᠡᠵᠦ ᠪᠠᠢᠨᠠ
ᠬᠡᠮᠵᠢᠵᠦ ᠪᠣᠳᠣᠭᠰᠠᠨ ᠢᠯᠭᠠᠭᠠ ᠠᠯᠠᠭᠠ ᠭᠡᠬᠦ ᠳᠡᠭᠡᠨ ᠢᠨᠠᠭ ᠠᠲᠠᠭᠠᠷᠬᠠᠵᠤ ᠪᠠᠢᠨᠠ
ᠠᠮᠢᠳᠤᠷᠠᠯ ᠳᠡᠭᠡᠷᠡ ᠥᠩᠭᠡᠷᠡᠭᠡᠵᠦ ᠪᠠᠢᠭᠰᠠᠨ ᠪᠢᠳᠠᠨ ᠤ ᠮᠥᠴᠡ ᠨᠦ᠋ᠭᠦᠳ ᠴᠡᠭᠡᠵᠢᠯᠡᠭ᠍ᠳᠡᠵᠦ ᠪᠤᠢ
ᠬᠠᠮᠲᠤ ᠶᠢᠨ ᠮᠢᠨᠢ ᠣᠷᠣᠨ ᠵᠠᠢ ᠳᠤ ᠥᠨᠥᠴᠢᠨ ᠭᠡᠳᠡᠭ ᠬᠠᠷᠢᠶᠠᠯᠠᠭᠳᠠᠬᠤ ᠦᠭᠡᠢ
ᠠᠮᠢᠳᠤᠷᠠᠯ ᠤᠨ ᠭᠡᠷ ᠲᠦ ᠨᠢ ᠣᠷᠣᠭᠰᠠᠨ ᠨᠢᠭᠡ ᠨᠢᠭᠡ ᠳᠡᠭᠡᠨ ᠴᠣᠩᠬᠣ ᠨᠢ ᠪᠣᠯᠤᠭᠰᠠᠨ
ᠠᠷᠭᠠ ᠦᠭᠡᠢ ᠳᠤᠲᠠᠵᠤ ᠪᠣᠯᠬᠤ ᠦᠭᠡᠢ ᠪᠡᠶᠡ ᠪᠡᠶᠡ ᠳᠡᠭᠡᠨ ᠭᠡᠭᠡ ᠥᠭ᠍ᠭᠦᠭ᠍ᠰᠡᠨ
ᠬᠥᠮᠥᠨ ᠪᠦᠷᠢ ᠵᠠᠷᠴᠢᠮ ᠪᠠᠢᠳᠠᠭ ᠱᠠᠩᠳᠤ ᠶᠢᠨ ᠬᠣᠭᠣᠯᠠᠢ ᠳᠠᠩᠴᠤ ᠭᠣᠶᠣ
ᠮᠠᠷᠭᠠᠰᠢ ᠶᠢᠨ ᠰᠢᠨᠡ ᠶᠢᠨ ᠲᠥᠯᠥᠭᠡ
ᠬᠦᠰᠡᠯ ᠢᠶᠡᠨ ᠬᠦᠴᠦᠯᠡᠨ ᠴᠢᠷᠮᠠᠢᠵᠤ ᠯᠡ ᠬᠥᠮᠥᠨ ᠦ ᠣᠳᠣᠨ ᠳᠤ ᠬᠦᠷᠦᠨᠡ ᠭᠡᠳ
ᠬᠦᠨᠡᠰᠦ ᠪᠡᠨ ᠲᠡᠭᠡᠭᠡᠭᠡᠳ ᠢᠷᠡᠭ᠍ᠰᠡᠨ ᠪᠢᠰᠢ ᠬᠦᠦ ᠶᠢᠨ ᠰᠢᠭᠤᠷᠬᠠᠢ ᠤᠬᠠᠭᠠᠨ ᠲᠦᠷ
ᠠᠵᠠ ᠬᠡᠢᠮᠣᠷᠢ ᠪᠠᠷ ᠨᠤᠮᠤ ᠬᠢᠭ᠍ᠰᠡᠨ ᠪᠣᠯ ᠵᠣᠷᠢᠭ ᠰᠥᠰᠥ᠍ ᠪᠡᠷ ᠬᠥᠪᠴᠢᠯᠡᠭ᠍ᠰᠡᠨ ᠪᠠᠢᠭ
ᠠᠪᠢᠶᠠᠰ ᠪᠢᠯᠢᠭ᠌ ᠢ ᠡᠪᠦᠷᠯᠡᠭ᠍ᠰᠡᠨ ᠪᠣᠯ ᠠᠯᠵᠢᠶᠠᠯ ᠦᠭᠡᠢ ᠳᠡᠯᠭᠡᠨ ᠵᠠᠷᠤ
ᠠᠨᠳᠠ ᠭᠡᠳᠡᠭ ᠶᠠᠭᠤᠨ ᠤ ᠤᠴᠢᠷ gentelmanrap ᠪᠠᠷ ᠵᠢᠱᠢᠶᠡ
ᠬᠡᠴᠢᠨᠡᠨ ᠵᠢᠯ ᠡᠭᠦᠨ ᠢ ᠬᠦᠰᠡᠭ᠍ᠰᠡᠨ ᠲᠡᠭ᠍ᠷᠢ ᠮᠢᠨᠢ ᠨᠠᠳᠠ ᠶᠢ ᠥᠷᠥᠰᠢᠶᠡ
ᠨᠠᠢᠢᠵᠠ ᠨᠣᠭᠣᠳ ᠱᠣᠭ ᠢᠶᠠᠨ ᠳᠡᠯᠭᠡᠭᠡᠳ ᠠᠮᠢᠳᠤᠷᠠᠯ ᠳᠠᠭᠠᠨ ᠵᠥᠩᠳᠡᠭᠡᠨ ᠮᠦᠰᠢᠶᠡᠶᠡ
ᠭᠡᠲᠡᠯᠡ ᠪᠢ ᠴᠢᠳᠠᠬᠤ ᠦᠭᠡᠢ ᠤᠴᠢᠷ ᠠ᠋ᠴᠠ ᠰᠡᠳᠬᠢᠯ ᠦᠨ ᠨᠢᠭᠤᠴᠠ ᠪᠠᠨ ᠲᠤᠰᠢᠶᠠᠶᠠ
ᠰᠡᠳᠬᠢᠯ ᠭᠡᠵᠦ ᠡᠭᠦᠷᠢᠳᠡ ᠴᠤᠭ ᠲᠡᠷᠡ ᠬᠥᠮᠥᠨ ᠴᠢᠨᠢ ᠢᠲᠡᠭᠡᠯ ᠶᠠᠭ
ᠡᠷᠡ ᠬᠥᠮᠥᠨ ᠦ ᠬᠠᠢᠷᠠ ᠶᠢᠨ ᠴᠣᠭ ᠭᠣᠮᠣᠳᠠᠯ ᠢ ᠭᠠᠯᠳᠠᠨᠠ ᠯᠠᠪ
ᠠᠯᠠᠭᠠ ᠬᠣᠭᠣᠰᠤᠨ ᠶᠠᠳᠠᠵᠤ ᠶᠠᠪᠤᠭᠰᠠᠨ ᠨᠠᠢᠢᠵᠠ ᠶᠢ ᠪᠠᠨ ᠴᠢ ᠪᠢᠲᠡᠭᠡᠢ ᠪᠠᠰᠤ
ᠠᠷᠤ ᠳᠤ ᠨᠢ ᠴᠢ ᠲᠡᠭᠡᠵᠦ ᠪᠣᠳᠣᠪᠠᠯ ᠥᠪᠡᠷ ᠢ ᠪᠡᠨ ᠴᠢ ᠬᠥᠮᠥᠨ ᠡᠴᠡ ᠬᠠᠰᠤ
ᠵᠢᠷᠤᠮ ᠭᠡᠳᠡᠭ ᠨᠢᠭᠡ ᠯᠡ ᠨᠠᠰᠤ ᠵᠣᠪᠠᠭᠠᠨᠠ ᠰᠢᠦ ᠬᠥᠮᠥᠨ ᠦ ᠠᠭᠠᠰᠢ
ᠴᠠᠳᠤᠭᠰᠠᠨ ᠴᠠᠭ ᠲᠤ ᠴᠢ ᠥᠪᠡᠷ ᠢ ᠪᠡᠨ ᠮᠠᠷᠲᠠ ᠬᠥᠮᠥᠨ ᠴᠢᠨᠠᠷ ᠢᠶᠠᠨ ᠪᠢᠲᠡᠭᠡᠢ ᠭᠠᠯᠳᠠ
ᠠᠮᠢᠳᠤᠷᠠᠯ ᠤᠨ ᠠᠯᠬᠤᠮ ᠳᠠᠭᠤᠰᠬᠤ ᠳᠤ ᠵᠢᠳᠬᠦᠯ ᠲᠠᠢ ᠲᠡᠷᠡ ᠨᠢ ᠮᠥᠷᠥ᠍ ᠨᠢ ᠳᠠᠯᠳᠠ
ᠵᠢᠷᠦᠬᠡ ᠴᠢᠨᠢ ᠲᠦᠭ᠍ᠰᠢᠬᠦ ᠴᠠᠭ ᠲᠤ ᠨᠠᠢᠢᠵᠠ ᠶᠢ ᠪᠠᠨ ᠪᠢᠲᠡᠭᠡᠢ ᠮᠠᠷᠲᠠ
ᠨᠠᠭᠠᠳᠤᠨᠠ ᠭᠡᠰᠡᠨ ᠪᠠᠭᠠ ᠶᠢᠨ ᠬᠠᠷᠠᠴᠠ ᠨᠣᠭᠣᠳ ᠬᠥᠭ᠍ᠰᠡᠭᠦᠦ ᠲᠥᠷᠬᠦ ᠪᠡᠨ ᠬᠠᠢᠷᠠᠯᠠᠨᠠ
ᠠᠯᠢ ᠪᠠᠭᠠ ᠶᠢᠨ ᠳᠦᠷᠰᠦ ᠦᠭᠡᠢ ᠰᠡᠭᠦᠳᠡᠷ ᠢᠶᠡᠨ ᠡᠷᠭᠢᠭᠦᠯᠵᠦ ᠣᠴᠢᠮᠠᠷ ᠰᠠᠨᠠᠵᠤ ᠪᠠᠢᠨᠠ ᠦᠦ
ᠨᠠᠷᠠ ᠣᠢᠭᠰᠠᠨ ᠮᠦᠰᠢᠶᠡᠯ ᠢᠶᠡᠨ ᠴᠢ ᠰᠠᠷᠠ ᠶᠢ ᠢᠴᠢᠭᠡᠵᠦ ᠭᠡᠢᠭᠦᠯᠵᠦ ᠥᠭ᠍ᠭᠦᠨᠡ ᠦᠦ
ᠣᠳᠣ ᠳᠥᠬᠥᠭ᠍ᠰᠡᠨ ᠲᠡᠭ᠍ᠷᠢ ᠶᠢ ᠵᠢᠭᠠᠭᠠᠳ ᠠᠯᠤᠰ ᠢ ᠵᠣᠷᠢᠬᠤ ᠪᠣᠳᠣᠯ ᠣᠷᠣᠭᠰᠠᠨ ᠦᠦ
ᠰᠡᠳᠬᠢᠯ ᠦᠨ ᠴᠡᠩᠭᠡᠭᠡᠨ ᠳᠦ ᠡᠬᠢᠯᠡᠭ᠍ᠰᠡᠨ ᠪᠣᠯ ᠳᠠᠭᠤᠨ ᠤ ᠠᠶᠠᠯᠭᠤᠨ ᠳᠤ ᠰᠢᠩᠭᠡᠨ ᠣᠷᠣᠭᠰᠠᠨ
ᠢᠷᠡᠭᠡᠳᠦᠢ ᠤᠷᠤᠭᠤ ᠴᠢᠷᠮᠠᠢᠵᠤ ᠪᠠᠢᠭᠠ ᠶᠡᠷᠦ ᠶᠢᠨ ᠰᠠᠢᠬᠠᠨ ᠨᠠᠢᠢᠵᠠ ᠨᠣᠭᠣᠳ
ᠵᠣᠷᠢᠭ ᠰᠠᠨᠠᠭᠠ ᠢᠲᠡᠭᠡᠵᠦ ᠵᠣᠷᠢᠭ᠌ᠰᠠᠨ ᠪᠦᠬᠦᠨ ᠢ ᠮᠡᠷᠡᠢᠵᠦ ᠶᠠᠪᠤ
ᠵᠣᠷᠢᠮᠠᠭ ᠰᠠᠢᠬᠠᠨ ᠮᠣᠩᠭᠣᠯ ᠵᠠᠯᠠᠭᠤᠰ ᠪᠢᠴᠢᠭ᠍ᠰᠡᠨ ᠪᠦᠬᠦᠨ ᠢ ᠡᠨᠳᠡ ᠳᠠᠭᠤᠯᠠᠵᠤ ᠪᠠᠢᠨᠠ
ᠳᠤᠮᠳᠠ ᠨᠢ ᠪᠠᠢᠭᠠ ᠬᠡᠳᠦᠨ ᠨᠠᠢᠢᠵᠠ ᠬᠢᠪ ᠬᠣᠪ ᠢᠶᠠᠷ ᠪᠠᠶᠠᠰᠴᠤ ᠪᠠᠢᠨᠠ
ᠳᠠᠭᠤᠯᠠᠨ ᠴᠡᠩᠭᠡᠨ ᠪᠠᠶᠠᠰᠤᠨ ᠵᠢᠷᠭᠠᠬᠤ ᠨᠢ ᠲᠡᠳᠡ ᠪᠦᠬᠦᠨ ᠦ ᠵᠢᠷᠭᠠᠯ ᠪᠠᠢᠬᠤ ᠠ᠋
ᠬᠣᠷᠸᠠ ᠶᠢᠨ ᠵᠠᠮ ᠢ ᠬᠠᠷᠠᠨ ᠬᠤᠪᠢ ᠲᠠᠪᠢᠯᠠᠩ ᠢ ᠢᠲᠡᠭᠡᠵᠦ ᠶᠠᠪᠤ
ᠬᠤᠪᠢ ᠪᠠᠨ ᠪᠣᠳᠣᠭᠰᠠᠨ ᠪᠣᠯ ᠬᠤᠷᠰᠢᠭ᠌ᠰᠠᠨ ᠪᠦᠬᠦᠨ ᠢ ᠬᠣᠢᠨᠠ ᠨᠢ ᠬᠠᠶᠠ