作词 : Battsengel Bavuu
作曲 : Munkhbold Dagdan
ᠴᠡᠩᠬᠡᠷ ᠲᠡᠭᠷᠢ ᠳᠣᠣᠭᠤᠷ ᠡᠭᠦᠯᠡ ᠳᠡᠭᠦᠯᠢᠨ
ᠰᠠᠯᠬᠢᠨ ᠳᠤ ᠨᠠᠢᠭᠤᠨ ᠵᠤᠭᠠᠯᠠᠨᠠ
ᠴᠡᠭᠡᠯᠬᠡᠨ ᠴᠢᠨᠦ ᠮᠢᠨᠢ ᠴᠢᠷᠠᠢ ᠵᠢᠷᠥᠭ᠌ᠨᠠ
ᠰᠡᠳᠬᠢᠯ ᠳᠤᠯᠠᠭᠠᠬᠠᠨ ᠦᠭᠡᠰ ᠢᠶᠠᠷ ᠳᠦᠭᠦᠷᠡᠩ
ᠵᠠᠬᠢᠶᠠ ᠶᠢ ᠴᠢᠨᠢ ᠤᠩᠰᠢᠭᠠᠳ ᠤᠶᠠᠷᠠᠨᠠ
ᠴᠡᠷᠢᠭ ᠤᠨ ᠬᠤᠸᠠᠷᠠᠨ ᠠᠴᠠ ᠬᠠᠢᠷᠠ ᠪᠠᠨ ᠵᠣᠷᠢᠭᠤᠯᠤᠨᠠ
ᠬᠠᠷᠠᠭᠤᠯ ᠤᠨ ᠮᠢᠨᠢ ᠬᠠᠢᠷᠴᠠᠭ ᠳᠤᠷᠠᠯᠠᠯᠲᠤ ᠳᠤᠭᠲᠤᠢ ᠪᠠᠨ ᠬᠦᠯᠢᠶᠡᠨᠡ
ᠦᠦᠷ ᠤᠨ ᠴᠣᠯᠮᠣᠨ ᠤ ᠬᠡᠷᠡᠯ ᠳᠤ ᠨᠤᠲᠤᠭ ᠢᠶᠠᠨ ᠳᠤᠷᠠᠨᠳᠠᠨᠠ
ᠵᠢᠷᠭᠠᠯᠲᠠᠢᠬᠠᠨ ᠬᠠᠢᠷᠠ ᠮᠢᠨᠢ
ᠰᠠᠢᠬᠠᠨ ᠴᠢᠮᠠᠶᠢ ᠪᠠᠨ ᠰᠠᠨᠠᠭᠠᠳ
ᠦᠨᠡᠨᠴᠢ ᠬᠠᠢᠷᠠ ᠶᠢᠨ ᠵᠠᠬᠢᠶᠠ ᠪᠠᠨ ᠰᠢᠥᠳᠠᠨᠳᠠᠨᠠ
᠂
ᠴᠠᠰᠤ ᠲᠠᠢ ᠠᠭᠤᠯᠠ ᠶᠢᠨ ᠣᠷᠣᠢ ᠪᠠᠷ
ᠬᠠᠢᠯᠤᠨ ᠤᠷᠤᠰᠬᠤ ᠤᠰᠤ ᠨᠢ ᠪᠤᠯᠤᠷᠠᠬᠠᠨ
ᠴᠠᠭ ᠨᠢ ᠨᠠᠭᠠᠰᠢᠯᠠᠭᠰᠠᠨ ᠤᠴᠠᠷᠠᠯ ᠳᠤ ᠳᠣᠭᠳᠣᠯᠤᠨᠠ
ᠡᠷᠡ ᠶᠢᠨ ᠴᠡᠭᠡᠯ ᠳᠤ ᠬᠦᠷᠦᠭᠰᠡᠨ ᠰᠡᠳᠬᠢᠯ
ᠡᠩᠬᠦᠷᠡᠢ ᠴᠢᠮᠠᠶᠢ ᠪᠠᠨ ᠡᠷᠬᠡᠯᠡᠭᠦᠯᠬᠦ ᠭᠡᠳ
ᠡᠷᠭᠢᠬᠦ ᠳᠥᠷᠪᠡᠨ ᠤᠯᠠᠷᠢᠯ ᠢᠶᠠᠨ ᠲᠣᠭᠠᠯᠠᠨᠠ ᠳ᠋ᠠ
ᠬᠠᠷᠠᠭᠤᠯ ᠤᠨ ᠮᠢᠨᠢ ᠬᠠᠢᠷᠴᠠᠭ ᠳᠤᠷᠠᠯᠠᠯᠲᠤ ᠳᠤᠭᠲᠤᠢ ᠪᠠᠨ ᠬᠦᠯᠢᠶᠡᠨᠡ
ᠦᠦᠷ ᠤᠨ ᠴᠣᠯᠮᠣᠨ ᠤ ᠬᠡᠷᠡᠯ ᠳᠤ ᠨᠤᠲᠤᠭ ᠢᠶᠠᠨ ᠳᠤᠷᠠᠨᠳᠠᠨᠠ
ᠵᠢᠷᠭᠠᠯᠲᠠᠢᠬᠠᠨ ᠬᠠᠢᠷᠠ ᠮᠢᠨᠢ
ᠰᠠᠢᠬᠠᠨ ᠴᠢᠮᠠᠶᠢ ᠪᠠᠨ ᠰᠠᠨᠠᠭᠠᠳ
ᠦᠨᠡᠨᠴᠢ ᠬᠠᠢᠷᠠ ᠶᠢᠨ ᠵᠠᠬᠢᠶᠠ ᠪᠠᠨ ᠰᠢᠥᠳᠠᠨᠳᠠᠨᠠ
᠂
ᠦᠨᠡᠨᠴᠢ ᠬᠠᠢᠷᠠ ᠶᠢᠨ ᠵᠠᠬᠢᠶᠠ ᠪᠠᠨ ᠰᠢᠥᠳᠠᠨᠳᠠᠨᠠ