作词 : Burenjargal Ch/Onon G
作曲 : Burenjargal Ch/Onon G
ᠡᠨᠡ ᠬᠠᠢᠷᠠ ᠶᠢ ᠪᠢ ᠶᠠᠭᠠᠬᠢᠵᠤ ᠥᠨᠥ ᠬᠢᠷᠢ ᠨᠠᠨᠳᠢᠩᠨᠠᠭᠰᠠᠨ ᠭᠡᠪᠡᠯ
ᠪᠦᠬᠦᠢᠯᠡ ᠤᠯᠠᠷᠢᠯ ᠲᠡᠷᠡ ᠳᠡᠷᠭᠡᠳᠡ ᠮᠢᠨᠢ ᠪᠠᠢᠵᠤ
ᠡᠦᠲᠦ ᠪᠢ ᠶᠠᠭᠠᠬᠢᠵᠤ ᠡᠨᠡ ᠴᠠᠭ ᠬᠡᠵᠢᠶᠡ ᠪᠦᠯᠢᠶᠡᠰᠬᠦ ᠶᠢ ᠬᠡᠯᠡᠵᠦ ᠮᠡᠳᠡᠬᠦ ᠦᠭᠡᠢ
ᠲᠡᠷᠡ ᠬᠠᠵᠠᠭᠤ ᠳᠤ ᠮᠢᠨᠢ ᠪᠠᠢᠨᠠ
ᠲᠡᠷᠡ ᠮᠢᠨᠦ ᠳᠡᠷᠭᠡᠳᠡ ᠪᠠᠢᠬᠤ ᠪᠠᠷ
ᠴᠢᠬᠢᠨ ᠳᠤ ᠰᠣᠨᠣᠰᠳᠠᠬᠤ ᠢᠯᠭᠤᠨ ᠬᠠᠢᠷᠠ ᠪᠠᠢᠵᠤ
ᠴᠢᠩ ᠵᠢᠷᠦᠬᠡ ᠶᠢ ᠮᠢᠨᠢ ᠲᠣᠯᠢᠳᠠᠬᠤ ᠲᠤᠰᠬᠠᠯ ᠮᠢᠨᠢ ᠪᠠᠢᠵᠤ
ᠴᠢᠮᠠ ᠳᠡᠭᠡᠷᠡ ᠮᠢᠨᠢ ᠰᠢᠪᠡᠷᠡᠨ ᠣᠷᠣᠭᠰᠠᠨ
ᠲᠡᠷᠡ ᠮᠢᠨᠦ ᠰᠢᠯᠲᠠᠭᠠᠨ ᠨᠢ ᠪᠠᠢᠭᠰᠠᠨ
ᠴᠢᠭᠯᠡᠨ ᠢᠷᠡᠬᠦ ᠬᠤᠭᠤᠴᠠᠭᠠᠨ ᠤ ᠵᠦᠭ ᠮᠢᠨᠢ ᠴᠢ ᠪᠠᠢᠭᠰᠠᠨ
᠂
ᠥᠷᠯᠥᠭᠡ ᠪᠦᠬᠦᠨ ᠢ ᠶᠠᠭᠠᠬᠢᠵᠤ ᠥᠨᠥᠳᠥᠷ ᠰᠢᠭ ᠨᠠᠨᠳᠢᠩᠨᠠᠭᠰᠠᠨ ᠭᠡᠪᠡᠯ
ᠪᠦᠲᠦᠨ ᠬᠤᠭᠤᠴᠠᠭᠠ ᠲᠡᠷᠡ ᠳᠡᠷᠭᠡᠳᠡ ᠮᠢᠨᠢ ᠪᠠᠢᠵᠤ
ᠡᠦᠲᠦ ᠨᠠᠳᠠ ᠳᠤ ᠶᠠᠭᠠᠬᠢᠵᠤ ᠬᠠᠭᠠᠴᠠᠯ ᠢ ᠰᠠᠨᠠᠭᠤᠯᠳᠠᠭ ᠶᠤᠮ ᠪᠣᠯ
ᠬᠡᠨ ᠴᠤ ᠬᠡᠯᠡᠬᠦ ᠥᠬᠡᠢ ᠴᠢ ᠳᠡᠷᠭᠡᠳᠡ ᠪᠠᠢᠭᠰᠠᠨ
ᠲᠡᠷᠡ ᠮᠢᠨᠦ ᠳᠡᠷᠭᠡᠳᠡ ᠪᠠᠢᠬᠤ ᠪᠠᠷ
ᠴᠢᠬᠢᠨ ᠳᠤ ᠰᠣᠨᠣᠰᠳᠠᠬᠤ ᠢᠯᠭᠤᠨ ᠬᠠᠢᠷᠠ ᠪᠠᠢᠵᠤ
ᠴᠢᠩ ᠵᠢᠷᠦᠬᠡ ᠶᠢ ᠮᠢᠨᠢ ᠲᠣᠯᠢᠳᠠᠬᠤ ᠲᠤᠰᠬᠠᠯ ᠮᠢᠨᠢ ᠪᠠᠢᠵᠤ
ᠴᠢᠮᠠ ᠳᠡᠭᠡᠷᠡ ᠮᠢᠨᠢ ᠰᠢᠪᠡᠷᠡᠨ ᠣᠷᠣᠳᠠᠭ
ᠲᠡᠷᠡ ᠮᠢᠨᠦ ᠰᠢᠯᠲᠠᠭᠠᠨ ᠨᠢ ᠪᠠᠢᠭᠰᠠᠨ
ᠴᠢᠭᠯᠡᠨ ᠢᠷᠡᠬᠦ ᠬᠤᠭᠤᠴᠠᠭᠠᠨ ᠤ ᠵᠦᠭ ᠮᠢᠨᠢ ᠴᠢ ᠪᠠᠢᠭᠰᠠᠨ
᠂
ᠵᠥᠪ ᠪᠤᠷᠤᠭᠤ ᠶᠢᠨ ᠲᠡᠩᠰᠡᠨ ᠳᠡᠭᠡᠷᠡ
ᠳᠥᠷᠪᠡᠨ ᠥᠩᠭᠡ ᠶᠢᠨ ᠤᠯᠠᠷᠢᠯ ᠰᠢᠬ
ᠳᠡᠭᠦᠯᠢᠨ ᠨᠢᠰᠬᠦ ᠰᠢᠪᠠᠭᠤ ᠰᠢᠬ
ᠪᠡᠶᠡ ᠳᠤ ᠢᠷᠡᠭᠰᠡᠨ ᠲᠠᠢᠯᠪᠤᠷᠢ ᠰᠢᠬ
ᠲᠡᠪᠡᠷᠢ ᠳᠤ ᠢᠷᠡᠭᠰᠡᠨ ᠴᠡᠴᠡᠭ ᠰᠢᠭ
ᠲᠡᠩᠬᠡᠭᠡ ᠣᠷᠣᠬᠤ ᠰᠢᠯᠲᠠᠭᠠᠨ ᠨᠢ ᠪᠠᠢᠵᠠᠢ
ᠲᠡᠷᠡ ᠮᠢᠨᠦ ᠳᠡᠷᠭᠡᠳᠡ ᠪᠠᠢᠬᠤ ᠪᠠᠷ
ᠴᠢᠬᠢᠨ ᠳᠤ ᠰᠣᠨᠣᠰᠳᠠᠬᠤ ᠢᠯᠭᠤᠨ ᠬᠠᠢᠷᠠ ᠪᠠᠢᠵᠤ
ᠴᠢᠩ ᠵᠢᠷᠦᠬᠡ ᠶᠢ ᠮᠢᠨᠢ ᠲᠣᠯᠢᠳᠠᠬᠤ ᠲᠤᠰᠬᠠᠯ ᠮᠢᠨᠢ
ᠴᠢᠮᠠ ᠳᠡᠭᠡᠷᠡ ᠮᠢᠨᠢ ᠰᠢᠪᠡᠷᠡᠨ ᠣᠷᠣᠭᠰᠠᠨ
ᠲᠡᠷᠡ ᠮᠢᠨᠦ ᠰᠢᠯᠲᠠᠭᠠᠨ ᠨᠢ ᠪᠠᠢᠭᠰᠠᠨ
ᠴᠢᠭᠯᠡᠨ ᠢᠷᠡᠬᠦ ᠬᠤᠭᠤᠴᠠᠭᠠᠨ ᠤ ᠵᠦᠭ ᠮᠢᠨᠢ ᠴᠢ ᠪᠠᠢᠭᠰᠠᠨ
᠂
ᠡᠨᠡ ᠬᠠᠢᠷᠠ ᠶᠢ ᠪᠢ ᠶᠠᠭᠠᠬᠢᠵᠤ ᠥᠨᠥ ᠬᠢᠷᠢ ᠨᠠᠨᠳᠢᠩᠨᠠᠭᠰᠠᠨ ᠭᠡᠪᠡᠯ
ᠪᠦᠬᠦᠢᠯᠡ ᠤᠯᠠᠷᠢᠯ ᠲᠡᠷᠡ ᠳᠡᠷᠭᠡᠳᠡ ᠮᠢᠨᠢ ᠪᠠᠢᠵᠤ