作曲 : 长调-巴达荣贵
编曲 : 长调-巴达荣贵
ᠬᠣᠣᠰ ᠰᠢᠲᠦᠭᠡᠨ
ᠦᠭᠡ᠄ ᠮᠦᠯᠠᠨ
ᠠᠶᠠ᠄ ᠪᠠᠳᠠᠷᠠᠩᠭᠣᠢ
ᠠᠭᠣᠵᠢᠮ ᠣᠷᠴᠢᠯᠠᠩ ᠳ᠋ᠦ ᠵᠠᠶᠠᠭᠠᠬᠣ ᠳ᠋ᠦ ᠮᠢᠨᠢ
ᠠᠵᠠ ᠢᠪᠡᠭᠡᠭᠰᠡᠨ ᠬᠠᠢᠷᠠ ᠶᠤᠮ ᠠ
ᠠᠬᠢᠭᠠᠳ ᠣᠯᠳᠠᠬᠣ ᠦᠭᠡᠢ ᠲᠠᠪᠢᠯᠠᠩ ᠳ᠋ᠦ ᠮᠢᠨᠢ
ᠠᠰᠢᠳᠠ ᠭᠡᠷᠡᠯᠲᠦᠭᠰᠡᠨ ᠣᠳᠣᠨ ᠶᠤᠮ ᠠ
ᠠᠭᠣᠣ ᠬᠠᠢᠷᠠ ᠶᠢᠨ ᠳᠡᠭᠡᠳᠦ ᠠᠪᠦ ᠡᠵᠢ ᠮᠢᠨᠢ
ᠣᠷᠲᠣ ᠨᠠᠰᠣᠯᠠᠭᠠᠳ ᠣᠳᠠᠭᠠᠨ ᠵᠢᠷᠭᠠᠭᠠᠷᠠᠢ
ᠠᠯᠲᠠᠨ ᠳᠡᠯᠡᠬᠡᠢ ᠳ᠋ᠦ ᠢᠷᠡᠭᠥ ᠳ᠋ᠦ ᠮᠢᠨᠢ
ᠠᠷᠢᠭᠣᠨ ᠰᠦᠨ ᠢᠷᠦᠭᠡᠯ ᠶᠤᠮ ᠠ
ᠠᠯᠬᠤᠵᠤ ᠬᠦᠯ ᠳ᠋ᠤ ᠤᠷᠤᠬᠤ ᠳ᠋ᠤ ᠮᠢᠨᠢ
ᠠᠪᠤᠷᠭᠤ ᠰᠦᠷᠯᠢᠭ ᠠᠭᠤᠯᠠ ᠶᠤᠮ ᠠ
ᠠᠭᠣᠣ ᠬᠠᠢᠷᠠ ᠶᠢᠨ ᠳᠡᠭᠡᠳᠦ ᠠᠪᠦ ᠡᠵᠢ ᠮᠢᠨᠢ
ᠣᠷᠲᠣ ᠨᠠᠰᠣᠯᠠᠭᠠᠳ ᠣᠳᠠᠭᠠᠨ ᠵᠢᠷᠭᠠᠭᠠᠷᠠᠢ
ᠠᠭᠣᠣ ᠬᠠᠢᠷᠠ ᠶᠢᠨ ᠳᠡᠭᠡᠳᠦ ᠠᠪᠦ ᠡᠵᠢ ᠮᠢᠨᠢ
ᠣᠷᠲᠣ ᠨᠠᠰᠣᠯᠠᠭᠠᠳ ᠣᠳᠠᠭᠠᠨ ᠵᠢᠷᠭᠠᠭᠠᠷᠠᠢ
ᠡᠷᠡ ᠶᠢᠨ ᠴᠡᠭᠡᠯ ᠳ᠋ᠤ ᠬᠦᠷᠬᠦ ᠳ᠋ᠤ ᠮᠢᠨᠢ
ᠡᠭᠦᠷᠢᠳᠡ ᠳᠠᠭᠠᠳᠬᠠᠭᠰᠠᠨ ᠪᠤᠷᠬᠠᠨ ᠶᠤᠮ ᠠ
ᠡᠷᠦᠬᠡ ᠭᠡᠷ ᠪᠤᠯᠬᠤ ᠳ᠋ᠤ ᠮᠢᠨᠢ
ᠡᠩᠬᠡ ᠵᠢᠷᠭᠠᠭᠠᠭᠰᠠᠨ ᠠᠴᠢᠲᠠᠨ ᠶᠤᠮ ᠠ
ᠠᠭᠣᠣ ᠬᠠᠢᠷᠠ ᠶᠢᠨ ᠳᠡᠭᠡᠳᠦ ᠠᠪᠦ ᠡᠵᠢ ᠮᠢᠨᠢ
ᠣᠷᠲᠣ ᠨᠠᠰᠣᠯᠠᠭᠠᠳ ᠣᠳᠠᠭᠠᠨ ᠵᠢᠷᠭᠠᠭᠠᠷᠠᠢ
ᠦᠢᠯᠡᠰ ᠶᠢᠨ ᠵᠢᠯᠤᠭᠤ ᠰᠤᠩᠭᠠᠬᠤ ᠳ᠋ᠤ ᠮᠢᠨᠢ
ᠦᠨᠡᠨ ᠢ ᠰᠤᠷᠭᠠᠭᠰᠠᠨ ᠪᠠᠭᠰᠢ ᠶᠤᠮ ᠠ
ᠦᠷᠡ ᠶᠢ ᠥᠭᠡᠯᠡᠢ ᠪᠤᠯᠭᠠᠬᠤ ᠳ᠋ᠤ ᠮᠢᠨᠢ
ᠦᠨᠢᠳᠡ ᠠᠴᠢᠲᠠᠢ ᠪᠤᠶᠠᠨᠲᠠᠨ ᠶᠤᠮ ᠠ
ᠠᠭᠣᠣ ᠬᠠᠢᠷᠠ ᠶᠢᠨ ᠳᠡᠭᠡᠳᠦ ᠠᠪᠦ ᠡᠵᠢ ᠮᠢᠨᠢ
ᠣᠷᠲᠣ ᠨᠠᠰᠣᠯᠠᠭᠠᠳ ᠣᠳᠠᠭᠠᠨ ᠵᠢᠷᠭᠠᠭᠠᠷᠠᠢ
ᠠᠭᠣᠣ ᠬᠠᠢᠷᠠ ᠶᠢᠨ ᠳᠡᠭᠡᠳᠦ ᠠᠪᠦ ᠡᠵᠢ ᠮᠢᠨᠢ
ᠣᠷᠲᠣ ᠨᠠᠰᠣᠯᠠᠭᠠᠳ ᠣᠳᠠᠭᠠᠨ ᠵᠢᠷᠭᠠᠭᠠᠷᠠᠢ
ᠣᠷᠲᠣ ᠨᠠᠰᠣᠯᠠᠭᠠᠳ ᠣᠳᠠᠭᠠᠨ ᠵᠢᠷᠭᠠᠭᠠᠷᠠᠢ