ᠨᠠᠯᠠᠭᠠᠷ ᠨᠤᠮᠢᠨ ᠨᠣᠭᠣᠭᠠᠨ ᠲᠠᠯᠠ ᠳ᠋ᠠᠭᠠᠨ
ᠨᠠᠪᠴᠢ ᠴᠡᠴᠡᠭ ᠨᠢ ᠵᠢᠷᠭᠠᠭᠰᠠᠨ
ᠨᠠᠰᠤᠨ ᠤ ᠳᠤᠷᠠᠰᠤᠮᠵᠢ ᠨᠠᠳᠠ ᠳ᠋ᠠᠭᠠᠨ
ᠨᠠᠰᠤᠲᠠᠨ ᠪᠤᠭᠤᠷᠤᠯ ᠢ ᠮᠢᠨᠢ ᠰᠠᠨᠠᠭᠳᠠᠭᠤᠯᠤᠨᠠ
ᠨᠤᠲᠤᠭ ᠤᠨ ᠰᠢᠷᠠ ᠵᠠᠮ
ᠨᠡᠭᠦᠳᠡᠯᠴᠢᠨ ᠮᠣᠩᠭᠣᠯ ᠤᠨ ᠥᠯᠥᠭᠡᠢ ᠶᠤᠮ ᠡ ᠬᠦᠢ
ᠮᠥᠯᠬᠥᠵᠦ ᠪᠠᠶᠠᠷᠯᠠᠭᠰᠠᠨ ᠦᠷᠡ ᠶ᠋ᠢ ᠮᠢᠨᠢ
ᠰᠢᠯᠪᠤᠷᠬᠠᠢ ᠬᠤᠶᠠᠷ ᠡᠪᠦᠳᠦᠭ ᠦᠦ ᠳ᠋ᠠ
ᠮᠦᠷᠭᠦᠯ ᠬᠢᠭᠰᠡᠨ ᠠᠪᠤ ᠶ᠋ᠢᠨ ᠮᠢᠨᠢ
ᠬᠠᠨᠵᠠᠷᠬᠠᠢ ᠬᠤᠶᠠᠷ ᠲᠣᠬᠣᠢ ᠦᠦ ᠳ᠋ᠠ
ᠨᠤᠲᠤᠭ ᠤᠨ ᠰᠢᠷᠠ ᠵᠠᠮ
ᠨᠠᠭᠦᠳᠡᠯᠴᠢᠨ ᠮᠣᠩᠭᠣᠯ ᠤᠨ ᠥᠯᠥᠭᠡᠢ ᠶᠤᠮ ᠡ ᠬᠦᠢ
ᠪᠡᠷᠬᠡ ᠶ᠋ᠢᠨ ᠴᠠᠭᠠᠨᠠ ᠠ᠋ᠴᠠ ᠴᠠᠶ᠋ᠢᠷᠠᠭᠠᠳ ᠪᠠᠶ᠋ᠢᠨᠠ
ᠤᠶᠠᠩᠭᠠ ᠶ᠋ᠢᠨ ᠨᠤᠭᠤᠯᠤᠭᠠ ᠲᠠᠢ ᠳᠠᠭᠤᠤ ᠦᠦ ᠳ᠋ᠠ
ᠪᠡᠯᠡᠭ ᠦᠨ ᠨᠠᠭᠠᠨᠠ ᠴᠠᠯᠬᠢᠯᠠᠭᠠᠳ ᠪᠠᠶ᠋ᠢᠨᠠ
ᠤᠭᠤᠷᠠᠭ ᠰᠦ᠋ ᠲᠡᠢ ᠰᠠᠴᠤᠯᠢ ᠦᠦ ᠳ᠋ᠠ
ᠨᠤᠲᠤᠭ ᠤᠨ ᠰᠢᠷᠠ ᠵᠠᠮ
ᠨᠡᠭᠦᠳᠡᠯᠴᠢᠨ ᠮᠣᠩᠭᠣᠯ ᠤᠨ ᠥᠯᠥᠭᠡᠢ ᠶᠤᠮ ᠡ ᠬᠦᠢ
ᠪᠡᠭᠡᠷᠡᠬᠦ ᠶ᠋ᠢᠨ ᠡᠮᠦᠨᠡ ᠡᠴᠡ ᠲᠤᠯᠠᠯᠠᠭᠠᠳ ᠪᠠᠶ᠋ᠢᠳᠠᠭ
ᠤᠭᠠᠯᠵᠠᠨ ᠰᠤᠷ ᠲᠠᠢ ᠭᠠᠯ ᠦᠦ ᠳ᠋ᠠ
ᠪᠡᠳᠡᠷᠢᠬᠦ ᠶ᠋ᠢᠨ ᠡᠮᠦᠨᠡ ᠡᠴᠡ ᠡᠨᠡᠶ᠋ᠢᠷᠡᠭᠡᠳ ᠪᠠᠶ᠋ᠢᠨᠠ
ᠳᠦᠭᠦᠷᠡᠩ ᠬᠡᠰᠢᠭ ᠲᠠᠢ ᠭᠠᠨᠵᠤᠭᠠ ᠦᠦ ᠳ᠋ᠠ
ᠨᠤᠲᠤᠭ ᠤᠨ ᠰᠢᠷᠠ ᠵᠠᠮ
ᠨᠡᠭᠦᠳᠡᠯᠴᠢᠨ ᠮᠣᠩᠭᠣᠯ ᠤᠨ ᠥᠯᠥᠭᠡᠢ ᠶᠤᠮ ᠡ ᠬᠦᠢ
ᠨᠤᠲᠤᠭ ᠤᠨ ᠰᠢᠷᠠ ᠵᠠᠮ
ᠨᠡᠭᠦᠳᠦᠯᠴᠢᠨ ᠮᠣᠩᠭᠣᠯ ᠤᠨ ᠥᠯᠥᠭᠡᠢ ᠶᠤᠮ ᠡ ᠬᠦᠢ
᠃ ᠃ ᠃ ᠃ ᠃ ᠪᠠᠶᠠᠷᠲᠠᠢ