四季之韵
ᠳᠦᠷᠪᠡᠨ ᠤᠯᠠᠷᠢᠯ ᠊ᠤᠨ ᠪᠠᠶᠠᠰᠤᠯ
ᠦᠭᠡ᠂ ᠠᠶᠠ᠄ ᠯ᠂ ᠴᠢᠯᠠᠭᠤᠨᠴᠢᠮᠡᠭ( ᠮᠤᠩᠭᠤᠯ ᠤᠯᠤᠰ ᠊ᠤᠨ ᠭᠠᠪᠢᠶᠠᠲᠤ ᠵᠦᠵᠦᠭᠡᠴᠢᠨ)
ᠳᠠᠭᠤᠴᠢᠨ᠄ ᠰᠠᠬᠢᠶᠠ
ᠵᠤᠨ ᠊ᠤ ᠰᠡᠪᠡᠭᠡᠷ ᠰᠠᠯᠬᠢᠨ ᠳ᠋ᠤ ᠨᠢ
ᠵᠤᠯᠵᠠᠭᠠᠨ ᠮᠤᠳᠤᠳ ᠪᠦᠵᠢᠭᠡᠳ ᠪᠠᠶ᠋ᠢᠨᠠ
ᠵᠤᠯ ᠬᠤᠩᠭᠤᠷ ᠵᠠᠯᠠᠭᠤᠰ ᠊ᠤᠨ
ᠵᠢᠷᠦᠬᠡ ᠰᠡᠳᠬᠢᠯ ᠳᠤᠭᠳᠤᠯᠤᠭᠠᠳ ᠪᠠᠶ᠋ᠢᠨᠠ
ᠬᠤᠤᠰᠯᠠᠨ ᠲᠤᠪᠰᠢᠬᠤ ᠠᠯᠬᠤᠭᠠᠨ ᠳ᠋ᠤ ᠨᠢ
ᠬᠠᠪᠢ ᠵᠢᠨ ᠴᠡᠴᠡᠭᠡᠰ ᠨᠠᠶ᠋ᠢᠭᠤᠭᠠᠳ ᠪᠠᠶ᠋ᠢᠨᠠ
ᠬᠤᠩᠭᠤᠷ ᠬᠤᠩᠭᠤᠷ ᠰᠡᠪᠰᠢᠶᠠᠨ ᠳ᠋ᠤ ᠨᠢ
ᠬᠤᠷᠮᠤᠢ ᠵᠢᠨ ᠦᠵᠦᠭᠦᠷ ᠳᠡᠷᠪᠡᠭᠡᠳ ᠯᠡ ᠪᠠᠶ᠋ᠢᠨᠠ
•
ᠨᠠᠶ᠋ᠢᠭᠤᠨ ᠨᠠᠶ᠋ᠢᠭᠤᠬᠤ ᠰᠠᠯᠬᠢᠨ ᠳ᠋ᠤ ᠨᠢ
ᠨᠠᠪᠴᠢᠨ ᠊ᠤ ᠦᠵᠦᠭᠦᠷ ᠬᠡᠶ᠋ᠢᠰᠤᠭᠡᠳ ᠪᠠᠶ᠋ᠢᠨᠠ
ᠨᠠᠰᠤᠨ ᠬᠤᠩᠭᠤᠷ ᠵᠠᠯᠠᠭᠤᠰ ᠊ᠤᠨ
ᠨᠠᠶ᠋ᠢᠷᠰᠠᠭ ᠰᠡᠳᠬᠢᠯ ᠤᠨᠳᠤᠷᠠᠭᠠᠳ ᠪᠠᠶ᠋ᠢᠨᠠ
ᠰᠡᠮ ᠰᠡᠮᠬᠡᠨ ᠠᠯᠬᠤᠭᠠᠨ ᠳ᠋ᠤ ᠨᠢ
ᠰᠡᠳᠬᠢᠯ ᠨᠢᠭᠡ ᠯᠡ ᠪᠠᠶᠠᠰᠤᠭᠠᠳ ᠪᠠᠶ᠋ᠢᠨᠠ
ᠰᠡᠷᠢᠭᠦᠨ ᠨᠠᠮᠤᠷ ᠊ᠤᠨ ᠦᠳᠡᠰᠢ ᠪᠡᠷ ᠨᠢ
ᠰᠡᠷᠭᠦᠭᠰᠡᠨ ᠢᠨᠢᠶᠡᠳᠦ ᠴᠠᠯᠭᠢᠭᠠᠳ ᠯᠡ ᠪᠠᠶ᠋ᠢᠨᠠ
•
ᠴᠠᠶ᠋ᠢᠷᠠᠬᠤ ᠴᠠᠭᠠᠨ ᠡᠭᠦᠯᠡ ᠠ᠋ᠴᠠ ᠨᠢ
ᠴᠠᠰᠤᠨ ᠊ᠤ ᠰᠢᠷᠬᠡᠭ ᠪᠠᠭᠤᠭᠠᠳ ᠪᠠᠶ᠋ᠢᠨᠠ
ᠴᠢᠮᠠᠶ᠋ᠢ ᠨᠠᠮᠠᠶ᠋ᠢ ᠪᠠᠶᠠᠰᠬᠠᠭᠠᠳ ᠯᠡ
ᠴᠠᠶ᠋ᠢᠯᠭᠠᠨ ᠵᠢᠷᠦᠬᠡ ᠤᠶᠠᠰᠤᠭᠠᠳ ᠪᠠᠶ᠋ᠢᠨᠠ
ᠪᠤᠳᠠᠷᠠᠬᠤ ᠴᠠᠰᠤᠨ ᠊ᠤ ᠠᠶᠠᠰ ᠵᠢᠠᠷ ᠨᠢ
ᠪᠤᠳᠤᠯ ᠳ᠋ᠤ ᠨᠢᠭᠡ ᠯᠡ ᠲᠤᠭᠲᠠᠭᠤᠨ ᠪᠠᠶ᠋ᠢᠨᠠ
ᠪᠤᠯᠭᠢᠯᠠᠬᠤ ᠵᠢᠷᠦᠬᠡ ᠪᠡᠨ ᠳᠠᠭᠠᠭᠠᠳ ᠯᠠ
ᠪᠤᠯᠵᠤᠭᠠᠨ ᠳ᠋ᠤ ᠨᠢᠭᠡ ᠯᠡ ᠶᠠᠭᠠᠷᠠᠭᠠᠳ ᠪᠠᠶ᠋ᠢᠨᠠ
•
ᠤᠷᠢᠨ ᠴᠠᠭ ᠨᠢ ᠢᠷᠡᠬᠦ ᠪᠡᠷ ᠨᠢ
ᠠᠭᠤᠯᠠ ᠵᠢᠨ ᠭᠣᠷᠣᠬᠠ ᠳᠠᠭᠤᠯᠠᠭᠠᠳ ᠪᠠᠶ᠋ᠢᠨᠠ
ᠤᠰᠤᠨ ᠊ᠤ ᠰᠢᠪᠠᠭᠤᠳ ᠭᠠᠩᠭᠠᠨᠠᠭᠠᠳ ᠯᠡ
ᠤᠷᠤᠰᠬᠠᠯ ᠳᠤᠮᠳᠠ ᠪᠡᠨ ᠬᠦᠪᠪᠦᠭᠡᠳ ᠪᠠᠶ᠋ᠢᠨᠠ
ᠴᠡᠯᠡᠭᠡᠷ ᠲᠠᠯᠠ ᠮᠢᠨᠢ ᠭᠤᠶᠤᠭᠠᠳ ᠯᠡ
ᠴᠡᠩᠬᠡᠷ ᠢᠷᠭᠤᠢ ᠳᠠᠪᠢᠰᠦᠭᠡᠳ ᠪᠠᠶ᠋ᠢᠨᠠ
ᠴᠢᠨᠦ ᠮᠢᠨᠦ ᠬᠠᠶ᠋ᠢᠷᠠᠨ ᠳ᠋ᠤ ᠨᠢ
ᠴᠡᠩᠭᠡᠯ ᠵᠢᠷᠭᠠᠯ ᠳᠦᠭᠦᠷᠡᠭᠡᠳ ᠪᠠᠶ᠋ᠢᠨᠠ
ᠴᠢᠨᠦ ᠮᠢᠨᠦ ᠬᠠᠶ᠋ᠢᠷᠠᠨ ᠳ᠋ᠤ ᠨᠢ
ᠴᠡᠩᠭᠡᠯ ᠵᠢᠷᠭᠠᠯ ᠳᠦᠭᠦᠷᠡᠭᠡᠳ ᠪᠠᠶ᠋ᠢᠨᠠ
未经许可,不得翻唱或使用